ᠮᠣᠩᠭᠣᠯ ᠤᠨ ᠰᠠᠭᠰᠤᠨ ᠪᠥᠮᠪᠥᠭᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠤᠭᠰᠠᠨ ︽ᠭᠣᠶᠣ︾ ᠳᠡᠭᠡᠳᠦ ᠯᠢᠭ ᠦᠨ ᠲᠡᠮᠡᠴᠡᠭᠡᠨ ᠥᠴᠥᠭᠡᠳᠦᠷ ᠰᠫᠣᠷᠲ ᠤᠨ ᠲᠥᠪ ᠣᠷᠳᠣᠨ ᠳᠤ ᠥᠨᠳᠥᠷᠯᠡᠯ᠎ᠡ᠃ ᠯᠢᠭ ᠦᠨ ᠠᠪᠤᠷᠭᠤ ᠶᠢᠨ ᠲᠥᠯᠥᠭᠡ ︽ᠠᠯᠳᠠᠷ ᠲᠠᠨᠠᠨ ᠭᠠᠷᠤᠳᠢ︾᠂ ︽ᠬᠠᠰ ᠤᠨ ᠬᠦᠯᠦᠭ ᠦᠳ ︾ ᠪᠠᠭ ᠤᠳ ᠦᠯᠡᠳᠡᠭᠡᠳ ᠪᠠᠶᠢᠭᠰᠠᠨ ᠶᠤᠮ᠃ ᠥᠴᠥᠭᠡᠳᠦᠷ ᠪᠣᠯᠤᠭᠰᠠᠨ ᠴᠤᠪᠤᠷᠠᠯ ᠤᠨ ᠳᠣᠯᠣᠭ᠎ᠠ ᠳ᠋ᠡᠬᠢ ᠲᠤᠭᠯᠠᠯᠳᠠ ᠳᠤ ︽ᠠᠯᠳᠠᠷ ᠲᠠᠨᠠᠨ ᠭᠠᠷᠤᠳᠢ︾ 98᠄90 ᠣᠨᠣᠭᠣᠨ ᠤ ᠬᠠᠷᠢᠴᠠᠭ᠎ᠠ ᠪᠠᠷ ᠥᠷᠢᠰᠦᠯᠳᠦᠭᠴᠢ ᠪᠡᠨ ᠬᠣᠵᠢᠵᠤ᠂ ︽ᠭᠣᠶᠣ︾ ᠳᠡᠭᠡᠳᠦ ᠯᠢᠭ ᠦᠨ ᠠᠪᠤᠷᠭᠤ ᠪᠣᠯᠤᠯ᠎ᠠ᠃ ᠲᠡᠳᠡ ᠴᠤᠪᠤᠷᠠᠯ ᠢ 4᠄3 ᠍ ᠪᠠᠷ ᠲᠡᠷᠢᠭᠦᠯᠡᠵᠦ᠂ ᠣᠯᠠᠨ ᠰᠠᠷ᠎ᠠ ᠦᠷᠭᠦᠯᠵᠢᠯᠡᠭᠰᠡᠨ ᠯᠢᠭ ᠦᠨ ᠲᠡᠮᠡᠴᠡᠭᠡᠨ ᠦ ᠠᠪᠤᠷᠭᠤ ᠪᠠᠭ ᠢᠶᠠᠷ ᠲᠣᠳᠣᠷᠠᠭᠰᠠᠨ ᠶᠤᠮ᠃ ᠲ∙ᠰᠠᠨᠢᠴᠢᠷ᠂ ᠪ∙ᠪᠢᠯᠢᠭᠦᠨ ᠨᠠᠷ ᠢ ᠡᠩᠨᠡᠭᠡᠨ ᠳᠦ ᠪᠡᠨ ᠨᠢᠭᠡᠳᠬᠡᠭᠰᠡᠨ ︽ᠬᠠᠰ ᠤᠨ ᠬᠦᠯᠦᠭ ᠦᠳ︾ ᠴᠤᠪᠤᠷᠠᠯ ᠢ ᠲᠡᠩᠴᠡᠭᠦᠯᠵᠦ ᠴᠢᠳᠠᠭᠰᠠᠨ ᠴᠤ ᠡᠴᠦᠰ ᠦᠨ ᠲᠤᠭᠯᠠᠯᠲᠠ ᠳᠤ ᠢᠯᠠᠭᠳᠠᠯ ᠬᠦᠯᠢᠶᠡᠯ᠎ᠡ᠃ ︽ᠭᠣᠶᠣ ︾ ᠳᠡᠭᠡᠳᠦ ᠯᠢᠭ ᠦᠨ ᠲᠣᠭᠯᠠᠯᠲᠠ ᠨᠤᠭᠤᠳ ᠰᠫᠣᠷᠲ ᠤᠨ ᠲᠥᠪ ᠣᠷᠳᠣᠨ ᠳᠤ ᠦᠷᠭᠦᠯᠵᠢᠯᠡᠵᠦ᠂ ᠥᠴᠥᠭᠡᠳᠦᠷ ᠬᠠᠭᠠᠯᠲᠠ ᠪᠠᠨ ᠬᠢᠯ᠎ᠡ᠃