︽ᠠᠯᠳᠠᠷ ᠲᠠᠨᠠᠨ ᠭᠠᠷᠤᠳᠢ︾ ᠠᠪᠤᠷᠭᠤ ᠪᠠᠷ ᠲᠣᠳᠣᠷᠠᠪᠠ | News.MN

 ︽ᠠᠯᠳᠠᠷ ᠲᠠᠨᠠᠨ ᠭᠠᠷᠤᠳᠢ︾ ᠠᠪᠤᠷᠭᠤ ᠪᠠᠷ ᠲᠣᠳᠣᠷᠠᠪᠠ

ᠮᠣᠩᠭᠣᠯ ᠤᠨ ᠰᠠᠭᠰᠤᠨ ᠪᠥᠮᠪᠥᠭᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠤᠭᠰᠠᠨ ︽ᠭᠣᠶᠣ︾ ᠳᠡᠭᠡᠳᠦ ᠯᠢᠭ ᠦᠨ ᠲᠡᠮᠡᠴᠡᠭᠡᠨ ᠥᠴᠥᠭᠡᠳᠦᠷ ᠰᠫᠣᠷᠲ ᠤᠨ ᠲᠥᠪ ᠣᠷᠳᠣᠨ ᠳᠤ ᠥᠨᠳᠥᠷᠯᠡᠯ᠎ᠡ᠃  ᠯᠢᠭ ᠦᠨ ᠠᠪᠤᠷᠭᠤ ᠶᠢᠨ ᠲᠥᠯᠥᠭᠡ ︽ᠠᠯᠳᠠᠷ ᠲᠠᠨᠠᠨ ᠭᠠᠷᠤᠳᠢ︾᠂  ︽ᠬᠠᠰ ᠤᠨ ᠬᠦᠯᠦᠭ ᠦᠳ ︾ ᠪᠠᠭ ᠤᠳ ᠦᠯᠡᠳᠡᠭᠡᠳ ᠪᠠᠶᠢᠭᠰᠠᠨ ᠶᠤᠮ᠃ ᠥᠴᠥᠭᠡᠳᠦᠷ ᠪᠣᠯᠤᠭᠰᠠᠨ ᠴᠤᠪᠤᠷᠠᠯ ᠤᠨ ᠳᠣᠯᠣᠭ᠎ᠠ ᠳ᠋ᠡᠬᠢ  ᠲᠤᠭᠯᠠᠯᠳᠠ ᠳᠤ ︽ᠠᠯᠳᠠᠷ ᠲᠠᠨᠠᠨ ᠭᠠᠷᠤᠳᠢ︾ 98᠄90 ᠣᠨᠣᠭᠣᠨ ᠤ ᠬᠠᠷᠢᠴᠠᠭ᠎ᠠ ᠪᠠᠷ ᠥᠷᠢᠰᠦᠯᠳᠦᠭᠴᠢ ᠪᠡᠨ ᠬᠣᠵᠢᠵᠤ᠂  ︽ᠭᠣᠶᠣ︾ ᠳᠡᠭᠡᠳᠦ ᠯᠢᠭ ᠦᠨ ᠠᠪᠤᠷᠭᠤ ᠪᠣᠯᠤᠯ᠎ᠠ᠃ ᠲᠡᠳᠡ ᠴᠤᠪᠤᠷᠠᠯ ᠢ 4᠄3 ᠍ ᠪᠠᠷ ᠲᠡᠷᠢᠭᠦᠯᠡᠵᠦ᠂ ᠣᠯᠠᠨ ᠰᠠᠷ᠎ᠠ ᠦᠷᠭᠦᠯᠵᠢᠯᠡᠭᠰᠡᠨ ᠯᠢᠭ ᠦᠨ ᠲᠡᠮᠡᠴᠡᠭᠡᠨ ᠦ ᠠᠪᠤᠷᠭᠤ  ᠪᠠᠭ ᠢᠶᠠᠷ ᠲᠣᠳᠣᠷᠠᠭᠰᠠᠨ ᠶᠤᠮ᠃ ᠲ∙ᠰᠠᠨᠢᠴᠢᠷ᠂ ᠪ∙ᠪᠢᠯᠢᠭᠦᠨ ᠨᠠᠷ ᠢ ᠡᠩᠨᠡᠭᠡᠨ ᠳᠦ ᠪᠡᠨ ᠨᠢᠭᠡᠳᠬᠡᠭᠰᠡᠨ ︽ᠬᠠᠰ ᠤᠨ ᠬᠦᠯᠦᠭ ᠦᠳ︾ ᠴᠤᠪᠤᠷᠠᠯ ᠢ ᠲᠡᠩᠴᠡᠭᠦᠯᠵᠦ ᠴᠢᠳᠠᠭᠰᠠᠨ ᠴᠤ ᠡᠴᠦᠰ ᠦᠨ ᠲᠤᠭᠯᠠᠯᠲᠠ ᠳᠤ ᠢᠯᠠᠭᠳᠠᠯ ᠬᠦᠯᠢᠶᠡᠯ᠎ᠡ᠃ ︽ᠭᠣᠶᠣ ︾ ᠳᠡᠭᠡᠳᠦ ᠯᠢᠭ ᠦᠨ ᠲᠣᠭᠯᠠᠯᠲᠠ ᠨᠤᠭᠤᠳ ᠰᠫᠣᠷᠲ ᠤᠨ ᠲᠥᠪ ᠣᠷᠳᠣᠨ ᠳᠤ ᠦᠷᠭᠦᠯᠵᠢᠯᠡᠵᠦ᠂ ᠥᠴᠥᠭᠡᠳᠦᠷ ᠬᠠᠭᠠᠯᠲᠠ ᠪᠠᠨ ᠬᠢᠯ᠎ᠡ᠃

ᠰᠡᠳᠬᠢᠭᠳᠡᠯ ᠦᠯᠡᠳᠡᠭᠡᠬᠦ