ᠬᠤᠪᠳᠤ ᠠᠶᠢᠮᠠᠭ ᠤᠨ ᠡᠷᠳᠡᠨᠢᠪᠦ᠋ᠷᠢᠨ ᠰᠤᠮᠤ ᠶᠢᠨ ᠲᠠᠷᠢᠶᠠᠯᠠᠩᠴᠢ ᠱ᠊ ·ᠨᠢᠮᠠᠰᠦ᠋ᠷᠦᠩ ᠴᠠᠮᠪᠠᠭᠠᠷᠪᠤ ᠠᠭᠤᠯᠠᠨ ᠤ ᠥᠪᠦᠷ ᠪᠡᠯ ᠳᠤ ᠭᠤᠷᠪᠠᠨ ᠰᠣᠷᠲ ᠤᠨ ᠠᠯᠢᠮ᠎ᠠ᠂ ᠦᠬᠡᠷ ᠤᠨ ᠨᠢᠳᠦ᠂ ᠦᠷᠢᠯ᠂ ᠪᠥᠭᠡᠷᠡᠯᠵᠡᠭᠡᠨᠡ ᠵᠡᠷᠭᠡ ᠵᠢᠮᠢᠰ ᠢ ᠠᠮᠵᠢᠯᠲᠠᠲᠠᠶ ᠨᠤᠲᠤᠭᠰᠢᠭᠤᠯᠵᠤ ᠴᠢᠳᠠᠵᠠᠢ᠃ ᠱ᠊ · ᠨᠢᠮᠠᠰᠦ᠋ᠷᠦᠩ ᠨᠢ 2007 ᠣᠨ ᠠᠴᠠ︽ᠲᠤᠩᠭᠠᠯᠠᠬ ᠤᠰᠤᠲᠤ ᠰᠢᠷᠤᠭ︾ᠬᠤᠷᠰᠢᠶ᠎ᠠ ᠶᠢ ᠪᠠᠶᠢᠭᠤᠯᠤᠨ᠂ ᠠᠵᠢᠯᠯᠠᠵᠤ ᠪᠠᠶᠢᠨ᠎ᠡ᠃ ᠲᠡᠷᠡ ᠭᠤᠷᠪᠠᠳᠠᠬᠢ ᠵᠢᠯ ᠳᠤ ᠪᠠᠨ ᠪᠤᠯᠠᠭᠠᠨ ᠰᠤᠮᠤ ᠠᠴᠠ ᠠᠯᠢᠮᠠᠨ ᠤ ᠮᠣᠳᠤ ᠠᠪᠴᠤ᠂ ᠡᠷᠳᠡᠨᠢᠪᠦ᠋ᠷᠢᠨ ᠰᠤᠮᠤᠨ ᠳᠠᠭᠠᠨ ᠠᠯᠢᠮᠠᠨ ᠤ ᠮᠣᠳᠣ ᠶᠢ ᠤᠷᠭᠤᠭᠤᠯᠵᠤ ᠪᠠᠶᠢᠭ᠎ᠠ᠃ ᠡᠨᠡ ᠵᠢᠯ 130 ᠰᠢᠷᠭᠡᠭ ᠠᠯᠢᠮᠠᠨ ᠤ ᠮᠣᠳᠤᠨ ᠤ ᠰᠠᠭᠤᠯᠭᠠᠴᠠ᠂ ᠴᠢᠪᠠᠭ᠎ᠠ ᠠᠪᠴᠤ ᠲᠠᠷᠢᠶᠠᠯᠠᠭᠰᠠᠨ ᠭᠡᠨ᠎ᠡ᠃