ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ ᠲᠤ ᠠᠵᠢᠯ ᠤᠨ ᠠᠶᠢᠯᠴᠢᠯᠠᠯ ᠬᠢᠵᠦ ᠪᠠᠶᠢᠭ᠎ᠠ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠲᠤᠰ ᠤᠯᠤᠰ ᠤᠨ ᠲᠧᠭᠨᠣᠯᠣᠭᠢ ᠶᠢᠨ ᠫᠠᠷᠺ ᠤᠨ ᠦᠢᠯᠡ ᠠᠵᠢᠯᠯᠠᠭ᠎ᠠ ᠲᠠᠢ ᠥᠴᠥᠭᠡᠳᠦᠷ ᠲᠠᠨᠢᠯᠴᠠᠯ᠎ᠠ᠃《ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ ᠤᠨ ᠶᠡᠷᠦᠩᠬᠡᠶᠢᠯᠡᠭᠴᠢ ᠢᠯᠾᠠᠮ ᠠᠯᠢᠶ᠋ᠸ ᠶᠢᠨ ᠰᠠᠨᠠᠭᠠᠴᠢᠯᠠᠭ᠎ᠠ ᠪᠠᠷ 2016 ᠤᠨ ᠳᠤ ᠲᠤᠰ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠳᠡᠷᠭᠡᠳᠡ ᠪᠠᠶᠢᠭᠤᠯᠤᠭᠳᠠᠭᠰᠠᠨ ᠡᠨᠡᠬᠦ ᠫᠠᠷᠺ ᠤᠨ ᠵᠣᠷᠢᠯᠭ᠎ᠠ ᠨᠢ ᠡᠳ᠋ ᠍ ᠦᠨ ᠵᠠᠰᠠᠭ ᠤᠨ ᠲᠣᠭᠲᠠᠪᠤᠷᠢᠲᠠᠢ ᠬᠥᠭᠵᠢᠯ ᠢ ᠬᠠᠩᠭᠠᠬᠤ᠂ ᠲᠡᠭᠦᠨ ᠦ ᠥᠷᠢᠰᠦᠯᠳᠡᠬᠦ ᠴᠢᠳᠠᠪᠤᠷᠢ ᠶᠢ ᠨᠡᠮᠡᠭᠳᠡᠭᠦᠯᠬᠦ᠂ ᠥᠨᠥ ᠶᠢᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠰᠢᠨᠡᠴᠢᠯᠡᠯ᠂ ᠥᠨᠳᠥᠷ ᠲᠧᠭᠨᠣᠯᠣᠭᠢ ᠶᠢᠨ ᠴᠠᠷ᠎ᠠ ᠬᠦᠷ᠎ᠡ ᠶᠢ ᠥᠷᠭᠡᠵᠢᠭᠦᠯᠬᠦ᠂ ᠰᠤᠳᠤᠯᠭ᠎ᠠ ᠬᠢᠬᠦ᠂ ᠰᠢᠨ᠎ᠡ ᠲᠧᠭᠨᠣᠯᠣᠭᠢ ᠡᠵᠡᠮᠰᠢᠵᠦ ᠨᠡᠪᠲᠡᠷᠡᠭᠦᠯᠬᠦ ᠣᠷᠴᠢᠨ ᠦᠶ᠎ᠡ ᠶᠢᠨ ᠴᠣᠭᠴᠠᠯᠠᠪᠤᠷᠢ ᠪᠠᠶᠢᠭᠤᠯᠬᠤ ᠵᠡᠷᠭᠡ ᠴᠢᠭᠯᠡᠯ ᠢᠶᠡᠷ ᠲᠥᠷᠥ ᠡᠴᠡ ᠦᠵᠡᠭᠦᠯᠬᠦ ᠳᠡᠮᠵᠢᠯᠭᠡ ᠶᠢ ᠨᠡᠮᠡᠭᠳᠡᠭᠦᠯᠬᠦ ᠳᠦ ᠣᠷᠣᠰᠢᠵᠤ ᠪᠤᠢ ᠶᠤᠮ 》 ᠬᠡᠮᠡᠨ ᠫᠠᠷᠺ ᠤᠨ ᠭᠦᠢᠴᠡᠳᠭᠡᠬᠦ ᠵᠠᠬᠢᠷᠤᠯ ᠨᠠᠽᠢᠮ ᠱᠤᠺᠦ᠋ᠷᠣᠪ ᠲᠠᠨᠢᠯᠴᠠᠭᠤᠯᠪᠠ᠃
ᠲᠤᠰ ᠤᠯᠤᠰ ᠤᠨ ᠡᠳ᠋ ᠍ ᠦᠨ ᠵᠠᠰᠠᠭ ᠤᠨ ᠬᠥᠳᠡᠯᠭᠡᠭᠴᠢ ᠬᠦᠴᠦ ᠪᠣᠯᠤᠭᠰᠠᠨ ᠨᠧᠹᠲ ᠢ ᠠᠰᠢᠭᠯᠠᠨ 200 ᠭᠠᠷᠤᠢ ᠨᠡᠷ᠎ᠡ ᠲᠥᠷᠥᠯ ᠦᠨ ᠪᠦᠲᠦᠭᠡᠭᠳᠡᠬᠦᠨ ᠭᠠᠷᠭᠠᠨ ᠠᠪᠤᠭᠰᠠᠨ ᠲᠠᠯ᠎ᠠ ᠪᠠᠷ ᠢᠶᠠᠨ ᠲᠤᠰ ᠲᠥᠪ ᠦᠨ ᠤᠳᠤᠷᠢᠳᠤᠯᠭ᠎ᠠ ᠨᠤᠭᠤᠳ᠂ ᠡᠷᠳᠡᠮᠲᠡᠨ ᠰᠤᠳᠤᠯᠤᠭᠠᠴᠢᠳ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠳᠡᠯᠭᠡᠷᠡᠩᠭᠦᠢ ᠲᠠᠨᠢᠯᠴᠠᠭᠤᠯᠤᠯ᠎ᠠ᠃ ᠮᠥᠨ ᠲᠤᠰ ᠲᠥᠪ ᠦᠨ ᠬᠢᠨ ᠦ ᠨᠧᠹᠲ ᠡᠴᠡ ᠭᠠᠷᠭᠠᠵᠤ ᠠᠪᠤᠭᠰᠠᠨ ᠲᠧᠭᠨᠢᠭ ᠦᠨ ᠲᠤᠰᠤ ᠲᠣᠰᠤᠯᠠᠭᠠᠨ ᠤ ᠮᠠᠲ᠋ᠧᠷᠢᠶᠠᠯ ᠤᠳ᠂ ᠭᠣᠸ᠎ᠠ ᠰᠠᠶᠢᠬᠠᠨ ᠤ ᠵᠡᠷᠭᠡ 50 ᠭᠠᠷᠤᠢ ᠪᠦᠲᠦᠭᠡᠭᠳᠡᠬᠦᠨ ᠢ ᠣᠯᠠᠨ ᠲᠣᠭ᠎ᠠ ᠪᠠᠷ ᠦᠢᠯᠡᠳᠪᠦᠷᠢᠯᠡᠵᠦ ᠵᠠᠬ᠎ᠠ ᠵᠡᠭᠡᠯᠢ ᠳᠦ ᠨᠡᠶᠢᠯᠡᠭᠦᠯᠵᠦ ᠡᠬᠢᠯᠡᠵᠡᠢ ᠃ ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ ᠠᠺᠢᠹ ᠠᠯᠢᠽᠠᠳ᠋ᠸ᠄ ᠬᠥᠭᠵᠢᠵᠦ ᠪᠤᠢ ᠤᠯᠤᠰ ᠲᠤ ᠡᠶᠢᠮᠦ ᠲᠧᠭᠨᠣᠯᠣᠭᠢ ᠶᠢᠨ ᠫᠠᠷᠺ ᠪᠠᠶᠢᠭᠤᠯᠵᠤ᠂ ᠦᠷ᠎ᠡ ᠳ᠋ᠦᠩ ᠲᠡᠢ ᠠᠵᠢᠯᠯᠠᠭᠤᠯᠬᠤ ᠱᠠᠭᠠᠷᠳᠠᠯᠭ᠎ᠠ ᠲᠠᠢ᠃ ᠡᠨᠡ ᠰᠠᠯᠪᠤᠷᠢ ᠶᠢᠨ ᠲᠤᠷᠰᠢᠯᠭ᠎ᠠ ᠪᠠᠨ ᠮᠣᠩᠭᠣᠯ ᠤᠯᠤᠰ ᠲᠠᠢ ᠬᠤᠪᠢᠶᠠᠯᠴᠠᠬᠤ ᠳᠤ ᠪᠠᠨ ᠪᠠᠶᠠᠷᠲᠠᠢ ᠪᠠᠶᠢᠬᠤ ᠪᠣᠯᠤᠨ᠎ᠠ︾ ᠬᠡᠮᠡᠨ ᠬᠡᠯᠡᠪᠡ᠃ ᠮᠥᠨ ᠥᠴᠥᠭᠡᠳᠦᠷ ᠬ∙ᠪᠠᠲᠤᠲᠤᠯᠭ᠎ᠠ ︽ᠠᠽᠧᠷ-ᠢᠯᠡᠮᠧ ︾ ᠬᠡᠪᠢᠰ ᠨᠡᠬᠡᠮᠡᠯ ᠦᠨ ᠲᠥᠪ ᠢᠶᠡᠷ ᠵᠣᠴᠢᠯᠠᠵᠤ᠂ ᠦᠢᠯᠡ ᠠᠵᠢᠯᠯᠠᠭ᠎ᠠ ᠲᠠᠢ ᠨᠢ ᠲᠠᠨᠢᠯᠴᠠᠭᠰᠠᠨ ᠶᠤᠮ᠃ ᠬᠡᠪᠢᠰ ᠨᠡᠬᠡᠮᠡᠯ ᠦᠨ ᠲᠥᠪ ᠦᠨ ᠳᠠᠷᠤᠭ᠎ᠠ᠂ ᠡᠭᠦᠰᠬᠡᠨ ᠪᠠᠶᠢᠭᠤᠯᠤᠭᠴᠢ ᠸᠢᠳᠠᠳᠢ ᠮᠤᠷᠠᠳᠣᠪ ᠤᠨ ᠲᠠᠨᠢᠯᠴᠠᠭᠤᠯᠤᠭᠰᠠᠨ ᠢᠶᠠᠷ ᠠᠽᠧᠷᠪᠠᠶᠢᠵᠠᠨ ᠤᠯᠤᠰ ᠤᠨ ᠦᠨᠳᠦᠰᠦᠨ ᠦ ᠪᠷᠠᠨᠳ᠋ ᠪᠣᠯᠤᠭᠰᠠᠨ ᠲᠠᠩᠰᠤᠭ ᠬᠡᠷᠡᠭᠯᠡᠭᠡᠨ ᠦ ᠥᠨᠳᠥᠷ ᠦᠨ᠎ᠡ ᠲᠡᠢ ᠬᠡᠪᠢᠰ ᠢ ᠤᠯᠠᠮᠵᠢᠯᠠᠯᠲᠤ ᠪᠣᠯᠤᠨ ᠣᠷᠴᠢᠨ ᠦᠶ᠎ᠡ ᠶᠢᠨ ᠠᠷᠭ᠎ᠠ ᠲᠧᠺᠨᠣᠯᠣᠭᠢ ᠪᠠᠷ ᠲᠤᠰ ᠦᠢᠯᠡᠳᠪᠦᠷᠢ ᠳᠦ ᠦᠢᠯᠡᠳᠪᠦᠷᠢᠯᠡᠳᠡᠭ ᠪᠠᠶᠢᠨ᠎ᠠ᠃
ᠴ∙ᠠᠷᠢᠭᠤᠨᠪᠤᠯᠤᠳ