ᠠᠮᠧᠷᠢᠺᠠ ᠶᠢᠨ《International Academic Competition》 ᠪᠠᠢᠭᠤᠯᠤᠯᠭ᠎ᠠ ᠠᠴᠠ ᠡᠨᠡ ᠰᠠᠷ᠎ᠠ ᠶᠢᠨ 12-13 ᠤ ᠡᠳᠦᠷ ᠦᠳ ᠲᠦ ᠠᠽᠢᠶ᠎ᠠ ᠶᠢᠨ ᠣᠷᠣᠨ ᠨᠤᠭᠤᠳ ᠤᠨ ᠳᠤᠮᠳᠠ ᠵᠣᠬᠢᠶᠠᠨ ᠪᠠᠢᠭᠤᠯᠤᠭᠰᠠᠨ ᠲᠡᠦᠬᠡ ᠶᠢᠨ ᠮᠡᠳᠡᠯᠭᠡ ᠶᠢᠨ ᠲᠡᠮᠡᠴᠡᠭᠡᠨ ᠳᠦ《ᠰᠢᠨ᠎ᠡ ᠮᠣᠩᠭᠣᠯ》ᠰᠤᠷᠭᠠᠭᠤᠯᠢ ᠶᠢᠨ ᠰᠤᠷᠤᠭᠴᠢᠳ ᠭᠤᠷᠪᠠᠳᠤᠭᠠᠷ ᠪᠠᠢᠷᠢ ᠡᠵᠡᠯᠡᠵᠡᠢ᠃
ᠲᠤᠰ ᠰᠤᠷᠭᠠᠭᠤᠯᠢ ᠶᠢᠨ ᠠᠷᠪᠠᠳᠤᠭᠠᠷ ᠠᠩᠬᠢ ᠶᠢᠨ ᠪ ∙ ᠠᠷᠢᠭᠤᠨᠭᠡᠷᠡᠯ᠂ ᠮ ∙ ᠮᠢᠰᠢᠶᠡᠯ᠂ ᠡ᠊ ∙ ᠬᠣᠣᠰᠡᠷᠳᠡᠨᠢ᠂ ᠠ᠊ ∙ ᠰᠡᠨᠳᠡᠷᠡ᠂ ᠼ ∙ ᠡᠭᠡᠰᠢᠭᠯᠡᠩ ᠨᠠᠷ ᠪᠠᠭ ᠤᠨ ᠲᠥᠷᠥᠯ ᠳᠦ ᠬᠢᠲᠠᠳ᠂ ᠮᠠᠯᠠᠢᠽ᠂ ᠰᠢᠨ᠎ᠡ ᠽᠢᠯᠠᠨᠳ᠋ ᠵᠡᠷᠭᠡ ᠳᠣᠯᠣᠭᠠᠨ ᠤᠯᠤᠰ ᠤᠨ ᠪᠠᠭ ᠲᠠᠢ ᠥᠷᠢᠰᠦᠯᠳᠦᠵᠦ ᠡᠢᠨᠬᠦᠦ ᠠᠽᠢᠶ᠎ᠠ ᠲᠢᠪ ᠦᠨ ᠪᠣᠯᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠥᠷᠢᠰᠦᠯᠳᠦᠬᠦ ᠡᠷᠬᠡ ᠪᠡᠨ ᠠᠪᠤᠭᠠᠳ ᠪᠠᠢᠨ᠎ᠠ᠃ ᠲᠡᠳᠡ ᠢᠷᠡᠬᠦ ᠵᠢᠷᠭᠤᠳᠤᠭᠠᠷ ᠰᠠᠷ᠎ᠠ ᠳᠤ ᠲᠠᠢᠯᠠᠨᠳ᠋ ᠤᠯᠤᠰ ᠲᠤ ᠪᠣᠯᠬᠤ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠥᠷᠢᠰᠦᠯᠳᠦᠨ᠎ᠡ᠃