ᠳ᠎∙ ᠠᠮᠤᠷᠪᠠᠶᠠᠰᠬᠤᠯᠠᠩ ᠸᠠᠩ ᠬᠡᠤ ᠨᠢᠩ ᠲᠠᠢ ᠠᠭᠤᠯᠵᠠᠯ᠎ᠠ | News.MN

ᠳ᠎∙ ᠠᠮᠤᠷᠪᠠᠶᠠᠰᠬᠤᠯᠠᠩ ᠸᠠᠩ ᠬᠡᠤ ᠨᠢᠩ ᠲᠠᠢ ᠠᠭᠤᠯᠵᠠᠯ᠎ᠠ

ᠮᠣᠩᠭᠣᠯ ᠤᠯᠤᠰ ᠤᠨ ᠶᠡᠭᠡ ᠬᠤᠷᠠᠯ ᠤᠨ ᠳᠠᠷᠤᠭ᠎ᠠ ᠳ᠎∙ ᠠᠮᠤᠷᠪᠠᠶᠠᠰᠬᠤᠯᠠᠩ ᠡᠨᠡ ᠰᠠᠷ᠎ᠠ ᠶᠢᠨ 26 ᠳᠤ ᠬᠢᠲᠠᠳ ᠤᠨ ᠠᠷᠠᠳ ᠤᠨ ᠤᠯᠤᠰ ᠲᠥᠷᠦ ᠶᠢᠨ ᠵᠥᠪᠯᠡᠯᠳᠦᠬᠦ ᠵᠥᠪᠯᠡᠯ ᠤᠨ ᠦᠨᠳᠦᠰᠦᠨ ᠤ ᠬᠣᠷᠢᠶᠠᠨ ᠤ ᠳᠠᠷᠤᠭ᠎ᠠ ᠸᠠᠩ ᠬᠡᠤ ᠨᠢᠩ ᠲᠠᠢ ᠠᠷᠠᠳ ᠤᠨ ᠶᠡᠭᠡ ᠬᠤᠷᠠᠯ ᠤᠨ ᠣᠷᠳᠣᠨ ᠳᠤ ᠠᠭᠤᠯᠵᠠᠯ᠎ᠠ ᠃

ᠠᠭᠤᠯᠵᠠᠯᠲᠠ ᠶᠢᠨ ᠡᠬᠢᠨ ᠳᠤ ᠸᠠᠩ ᠬᠡᠤ  ᠨᠢᠩ ᠮᠣᠩᠭᠣᠯ ᠤᠯᠤᠰ ᠲᠠᠢ ᠬᠥᠭ᠍ᠵᠢᠭᠦᠯᠵᠦ ᠪᠤᠶ ᠬᠠᠷᠢᠯᠴᠠᠭ᠎ᠠ ᠂ ᠬᠠᠮᠲᠤ ᠶ᠋ᠢᠨ ᠠᠵᠢᠯᠯᠠᠭ᠎ᠠ ᠶᠢ ᠬᠢᠲᠠᠳ ᠤᠨ ᠲᠡᠯ᠎ᠠ ᠴᠢᠬᠤᠯᠠᠴᠢᠯᠠᠳᠠᠭ ᠪᠣᠯᠬᠤ ᠶᠢ ᠲᠡᠮᠳᠡᠭ᠍ᠯᠡᠵᠦ ᠂ ᠬᠣᠶᠠᠷ ᠤᠯᠤᠰ ᠤᠨ ᠲᠡᠭᠡᠳᠦ ᠂ ᠦᠡᠳᠦᠷ ᠲᠦᠪᠰᠢᠨ ᠳᠦ ᠲᠣᠬᠢᠷᠠᠯᠴᠠᠭᠰᠠᠨ ᠠᠵᠢᠯ ᠤᠳ ᠢ ᠪᠣᠳᠠᠲᠤ ᠠᠵᠢᠯ ᠬᠡᠷᠡᠭ ᠪᠣᠯᠭᠠᠵᠤ ᠂ ᠬᠣᠶᠠᠷ ᠤᠯᠤᠰ ᠤᠨ ᠠᠷᠠᠳ ᠲᠦᠮᠡᠨ ᠳᠤ ᠦᠷ᠎ᠡ ᠥᠭ᠍ᠭᠦᠭᠡᠵᠢ ᠶᠢ ᠬᠦᠷᠲᠡᠭᠡᠬᠦ ᠶᠢᠨ ᠲᠥᠯᠥᠭᠡ ᠪᠠᠢᠭ᠎ᠠ ᠪᠠᠨ ᠢᠯᠡᠷᠬᠡᠢᠯᠡᠭ᠍ᠰᠡᠨ  ᠶᠤᠮ᠃

ᠲᠡᠷᠡᠪᠡᠷ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠭᠠᠳᠠᠭᠠᠳᠤ ᠤᠯᠤᠰ ᠣᠷᠣᠨ ᠨᠤᠭᠤᠳ ᠲᠠᠢ ᠨᠡᠭᠡᠭᠡᠯᠲᠡ ᠲᠠᠢ ᠬᠠᠷᠢᠯᠴᠠᠬᠤ ᠪᠣᠳᠤᠯᠭ᠎ᠠ ᠤᠯᠠᠮ ᠲᠡᠯᠡᠵᠦ ᠪᠤᠢ ᠶᠢ ᠳᠤᠷᠠᠳᠤᠭᠠᠳ ᠂ ᠬᠦᠷᠰᠢ ᠣᠷᠣᠨ ᠨᠤᠭᠤᠳ ᠂ ᠲᠡᠷᠡ ᠳᠤᠮᠳᠠ ᠪᠠᠨ ᠮᠣᠩᠭᠣᠯ ᠤᠯᠤᠰ ᠲᠠᠢ ᠨᠠᠢᠷᠰᠠᠭ ᠳᠣᠲᠣᠨᠣ ᠂ ᠴᠢᠩ ᠰᠡᠳᠬᠢᠯ ᠠᠴᠠ ᠪᠠᠨ ᠂ ᠬᠠᠷᠢᠯᠴᠠᠨ ᠠᠰᠢᠭ ᠲᠠᠢ ᠂ ᠬᠦᠷᠲᠡᠭᠡᠮᠵᠢ ᠲᠠᠢ ᠪᠠᠢᠬᠤ ᠵᠠᠷᠴᠢᠮ ᠤᠨ ᠳᠠᠭᠠᠤ ᠬᠥᠭ᠍ᠵᠢᠯ ᠤᠨ ᠦᠷ᠎ᠡ ᠰᠢᠮ᠎ᠡ ᠪᠡᠨ ᠬᠤᠪᠢᠶᠠᠯᠴᠠᠬᠤ ᠪᠠᠨ ᠣᠨᠴᠠᠯᠠᠨ ᠲᠡᠮᠳᠡᠭ᠍ᠯᠡᠯ᠎ᠡ ᠃

ᠰᠡᠳᠬᠢᠭᠳᠡᠯ ᠦᠯᠡᠳᠡᠭᠡᠬᠦ