ᠢᠷᠡᠭᠡᠳ ᠰᠥᠨᠢ ᠶ᠋ᠢᠨ ᠴᠠᠭ ᠶ᠋ᠢᠠᠷ ᠭᠠᠯ ᠲᠦᠢᠮᠡᠷ ᠲᠦ ᠥᠷᠲᠥᠬᠦ ᠡᠷᠡᠰᠳᠡᠯᠲᠡᠢ ᠪᠠᠢᠨ᠎ᠠ | News.MN

ᠢᠷᠡᠭᠡᠳ ᠰᠥᠨᠢ ᠶ᠋ᠢᠨ ᠴᠠᠭ ᠶ᠋ᠢᠠᠷ ᠭᠠᠯ ᠲᠦᠢᠮᠡᠷ ᠲᠦ ᠥᠷᠲᠥᠬᠦ ᠡᠷᠡᠰᠳᠡᠯᠲᠡᠢ ᠪᠠᠢᠨ᠎ᠠ

ᠨᠡᠢᠰᠯᠡᠯ ᠤᠨ ᠣᠨᠴᠠᠭᠠᠢ ᠪᠠᠢᠳᠠᠯ ‍ᠤᠨ ᠭᠠᠵᠠᠷ ᠨᠠ᠊᠂ ᠣ᠂ ᠪᠠ᠊᠂ ᠭ ᠠᠴᠠ ᠰᠠᠷ᠎ᠠ ᠰᠢᠨ᠎ᠡ ᠶ᠋ᠢᠨ ᠪᠠᠶᠠᠷ ‍ᠤᠨ ᠠᠮᠠᠷᠠᠬᠤ ᠲᠠᠢ ᠬᠣᠯᠪᠣᠭᠳᠠᠭᠤᠯᠤᠨ ᠰᠡᠷᠡᠮᠵᠢᠯᠡᠭᠦᠯᠭᠡ ᠮᠡᠳᠡᠭᠡᠯᠡᠯ ᠬᠢᠯ᠎ᠡ᠃  ᠨᠠ᠊᠂ ᠣ᠂ ᠪᠠ᠊᠂ ᠭ᠂   ︽ᠲᠦᠷᠪᠢᠨ ᠠᠰᠠᠭᠤᠳᠠᠯ ᠨᠢᠭᠡ ᠰᠢᠢᠳᠦᠯ︾ ᠠᠶᠠᠨ ᠊ᠢ ᠵᠠᠷᠯᠠᠵᠤ ᠪᠠᠢᠭ᠎ᠠ ᠶᠤᠮ᠃  ᠰᠡᠭᠦᠯ ᠤᠨ ᠲᠦᠷᠪᠢᠨ ᠵᠢᠯ ᠳ᠋ᠦ ᠭᠠᠯ ᠲᠦᠢᠮᠡᠷ ᠤᠨ ᠤᠯᠠᠮ  ᠠᠴᠠ 124 ᠬᠥᠮᠦᠨ ᠠᠮᠢ ᠨᠠᠰᠤ ᠪᠠᠨ ᠠᠯᠳᠠᠭᠰᠠᠨ ᠪᠠᠢᠨ᠎ᠠ᠃ ᠡᠳᠡᠭᠡᠷ ᠤᠨ 72.6  ᠬᠤᠪᠢ ᠨᠢ ᠰᠥᠨᠢ ᠶ᠋ᠢᠨ᠂ 27.4 ᠬᠤᠪᠢ ᠨᠢ ᠡᠳᠦᠷ ᠤᠨ ᠴᠠᠭ ᠶ᠋ᠢᠠᠷ ᠪᠣᠯᠵᠠᠢ᠃  ᠢᠢᠮ ᠳ᠋ᠤ ᠢᠷᠭᠡᠳ ᠢ ᠰᠥᠨᠢ ᠶ᠋ᠢᠨ ᠴᠠᠭ ᠶ᠋ᠢᠠᠷ ᠭᠠᠯ ᠲᠦᠢᠮᠡᠷ ᠤᠨ ᠤᠯᠠᠮ  ᠡᠴᠡ ᠬᠣᠬᠢᠷᠠᠴᠤ᠂ ᠥᠷᠲᠥᠬᠦ ᠡᠷᠦᠰᠳᠡᠯᠲᠡᠢ ᠪᠠᠢᠭ᠎ᠠ ᠲᠤᠯᠠ ᠰᠡᠷᠡᠮᠵᠢᠲᠡᠢ ᠪᠠᠢᠬᠤ ᠶ᠋ᠢ ᠵᠥᠪᠯᠡᠵᠦ ᠪᠠᠶ᠋ᠢᠨ᠎ᠠ᠃

ᠰᠡᠳᠬᠢᠭᠳᠡᠯ ᠦᠯᠡᠳᠡᠭᠡᠬᠦ