ᠵᠠᠪᠬᠠᠨ ᠠᠢᠮᠠᠭ ᠲᠤ ᠰᠡᠭᠦᠯ ᠦᠨ ᠵᠢᠯ ᠤᠳ ᠲᠤ ᠲᠥᠷᠦᠯᠲᠡ ᠨᠡᠮᠡᠭ᠍ᠳᠡᠵᠦ ᠂ ᠰᠢᠯᠵᠢᠯᠲᠡ ᠬᠥᠳᠡᠯᠭᠡᠭᠡᠨ ᠪᠠᠭᠠᠰᠬᠤ ᠬᠠᠨᠳᠤᠯᠭ᠎ᠠ ᠲᠠᠢ ᠪᠠᠢᠭ᠎ᠠ ᠨᠢ ᠬᠥᠮᠦᠨ ᠠᠮᠠ ᠶᠢᠨ ᠥᠰᠦᠯᠲᠡ ᠳᠦ ᠡᠶᠡᠷᠭᠦ ᠨᠦᠯᠤᠬᠡ ᠦᠵᠡᠭᠦᠯᠵᠦ ᠪᠡᠢᠢᠨ᠎ᠡ ᠃ ᠵᠠᠪᠬᠠᠨ ᠠᠢᠮᠠᠭ 21.7 ᠮᠢᠩᠭᠠᠨ ᠡᠷᠦᠬᠡ ᠶᠢᠨ 71.8 ᠮᠢᠩᠭᠠᠨ ᠬᠥᠮᠦᠨ ᠠᠮᠠ ᠲᠠᠢ ᠃ ᠨᠡᠢᠢᠲᠡ ᠬᠥᠮᠦᠨ ᠠᠮᠠ ᠶᠢᠨ 49.9 ᠬᠤᠪᠢ ᠨᠢ ᠡᠷᠡᠭ᠍ᠲᠡᠢ ᠂ 50.1 ᠬᠤᠪᠢ ᠨᠢ ᠡᠮᠡᠭ᠍ᠲᠡᠢᠴᠦᠳ ᠂ 32.1 ᠬᠤᠪᠢ ᠨᠢ 16 ᠬᠦᠷᠳᠡᠯ᠎ᠠ ᠨᠠᠰᠤᠨ ᠤ ᠬᠡᠦᠬᠡᠳ ᠂ 27 ᠬᠤᠪᠢ ᠨᠢ 16-34 ᠨᠠᠰᠤᠨ ᠤ ᠵᠠᠯᠠᠭᠤᠰ ᠂ 26.5 ᠬᠤᠪᠢ ᠨᠢ 35-54 ᠨᠠᠰᠤᠨ ᠤ ᠬᠢ ᠂ 14.4 ᠬᠤᠪᠢ ᠨᠢ 55 ᠠᠴᠠ ᠳᠡᠭᠡᠭ᠍ᠰᠢ ᠨᠠᠰᠤᠨ ᠤ ᠬᠥᠮᠦᠨ ᠠᠮᠠ ᠡᠵᠡᠯᠡᠵᠦ ᠪᠡᠢᠢᠨ᠎ᠡ ᠃
ᠠᠢᠮᠠᠭ ᠤᠨ ᠨᠡᠢᠢᠲᠡ ᠬᠥᠮᠦᠨ ᠠᠮᠠ ᠶᠢᠨ 22.5 ᠬᠤᠪᠢ ᠨᠢ ᠤᠯᠢᠶᠠᠰᠤᠲᠠᠢ ᠰᠤᠮᠤᠨ ᠳᠤ ᠂ 13.0 ᠬᠤᠪᠢ ᠨᠢ ᠲᠣᠰᠣᠨᠴᠡᠩᠭᠡᠯ ᠳᠦ ᠂ 9.1 ᠬᠤᠪᠢ ᠨᠢ ᠶᠡᠭᠡ ᠠᠭᠤᠯᠠ ᠳᠤ ᠂ 55.2 ᠬᠤᠪᠢ ᠨᠢ ᠪᠤᠰᠤᠳ ᠰᠤᠮᠤᠨ ᠳᠤ ᠣᠷᠣᠰᠢᠨ ᠰᠠᠭᠤᠵᠤ ᠪᠡᠢᠢᠨ᠎ᠡ ᠃ ᠵᠠᠪᠬᠠᠨ ᠮᠠᠨᠳᠠᠯ ᠂ ᠶᠡᠭᠡ ᠠᠭᠤᠯᠠ ᠂ ᠰᠣᠩᠭᠢᠨ᠎ᠠ ᠂ ᠢᠳᠡᠷ ᠂ ᠢᠷᠠᠭᠤ ᠂ ᠲᠣᠰᠤᠨᠴᠡᠩᠭᠡᠯ ᠰᠤᠮᠤ ᠶᠢᠨ ᠬᠥᠮᠦᠨ ᠠᠮᠠ 4-39 ᠬᠥᠮᠥᠨ ᠢᠶᠡᠷ ᠥᠰᠦᠭ᠍ᠰᠡᠨ ᠪᠣᠯ ᠪᠤᠰᠤᠳ ᠰᠤᠮᠤ ᠶᠢᠨ ᠬᠥᠮᠦᠨ ᠠᠮᠠ 7-81 ᠬᠥᠮᠥᠨ ᠢᠶᠡᠷ ᠴᠥᠭᠡᠷᠡᠭ᠍ᠰᠡᠨ ᠪᠡᠢᠢᠨ᠎ᠡ ᠃