ᠴᠢᠩᠭᠢᠰ ᠬᠠᠭᠠᠨ ᠮᠡᠨᠳᠦᠯᠡᠭ᠍ᠰᠡᠨ ᠤ 862 ᠵᠢᠯ ᠦᠨ ᠣᠢ ᠶᠢ ᠲᠣᠬᠢᠶᠠᠯᠳᠤᠭᠤᠯᠤᠨ᠂ ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠶᠡᠷᠦᠩᠬᠡᠶ ᠨᠡᠷᠢᠠ ᠪᠢᠴᠢᠭ ᠤᠨ ᠳᠠᠷᠤᠭ᠎ᠠ ᠪᠠᠢᠭᠰᠠᠨ ᠪᠠᠨ ᠭᠢ ᠮᠤᠨ ᠳᠤ《ᠴᠢᠩᠭᠢᠰ ᠬᠠᠭᠠᠨ》ᠣᠳᠣᠨ ᠬᠦᠷᠲᠡᠭᠡᠬᠦ ᠪᠡᠷ ᠪᠣᠯᠣᠭᠰᠠᠨ ᠢ ᠥᠨᠥᠳᠥᠷ ᠶᠡᠷᠦᠩᠬᠡᠢᠢᠯᠡᠭ᠍ᠴᠢ ᠶᠢᠨ ᠲᠠᠮᠠᠭ᠎ᠠ ᠶᠢᠨ ᠭᠠᠵᠠᠷ ᠠᠴᠠ ᠮᠡᠳᠡᠭᠡᠯᠡᠯ᠎ᠡ ᠃
ᠪᠠᠨ ᠭᠢ ᠮᠤᠨ ᠡᠮᠦᠨᠡᠳᠦ ᠰᠣᠯᠤᠩᠭᠤᠰ ᠤᠨ ᠭᠠᠳᠠᠭᠠᠳᠤ ᠬᠡᠷᠡᠭ ᠦᠨ ᠰᠠᠢᠳ ᠢᠶᠠᠷ ᠠᠵᠢᠯᠯᠠᠵᠤ ᠪᠠᠢᠬᠤ ᠳᠤ ᠪᠠᠨ ᠮᠠᠨ ᠤ ᠬᠣᠶᠠᠷ ᠤᠯᠤᠰ ᠤᠨ ᠭᠠᠳᠠᠭᠠᠳᠤ ᠬᠠᠷᠢᠯᠴᠠᠭ᠎ᠠ ᠶᠢ ᠰᠲᠷᠠᠲ᠋ᠧᠭᠢ ᠶᠢᠨ ᠲᠦᠪᠰᠢᠨ ᠳᠦ ᠬᠦᠷᠭᠡᠬᠦ ᠳᠦ ᠴᠢᠬᠤᠯᠠ ᠡᠭᠦᠷᠭᠡ ᠭᠦᠢᠴᠡᠳᠬᠡᠭ᠍ᠰᠡᠨ ᠃ 2009 ᠣᠨ ᠳᠤ ᠠᠯᠪᠠᠨ ᠶᠣᠰᠤᠭᠠᠷ ᠠᠢᠯᠴᠢᠯᠠᠬᠤ ᠳᠠᠭᠠᠨ ᠣᠯᠠᠨ ᠲᠠᠯ᠎ᠠ ᠶᠢᠨ ᠬᠡᠯᠡᠯᠴᠡᠭᠡ ᠬᠢᠵᠦ᠂ ᠬᠠᠷᠢᠯᠴᠠᠭ᠎ᠠ ᠶᠢ ᠦᠯᠡᠮᠵᠢ ᠠᠬᠢᠭᠤᠯᠤᠭᠰᠠᠨ᠃ ᠳᠠᠯᠠᠢ ᠳᠤ ᠭᠠᠷᠴᠠ ᠦᠭᠡᠢ ᠣᠷᠣᠨ ᠨᠤᠭᠤᠳ ᠤᠨ ᠲᠥᠪ ᠢ ᠤᠯᠠᠭᠠᠨᠪᠠᠭᠠᠲᠤᠷ ᠬᠣᠲᠠ ᠳᠤ ᠪᠠᠢᠭᠤᠯᠵᠤ᠂ ᠮᠣᠩᠭᠣᠯ ᠤᠨ ᠡᠩᠬᠡ ᠶᠢ ᠰᠠᠬᠢᠭᠤᠯᠤᠭᠴᠢᠳ ᠤᠨ ᠨᠡᠷ᠎ᠡ ᠬᠦᠨᠳᠦ ᠶᠢ ᠣᠯᠠᠨ ᠤᠯᠤᠰ ᠲᠤ ᠡᠷᠭᠦᠭᠰᠡᠨ᠂ ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠨᠣᠭᠤᠭᠠᠨ ᠬᠥᠭ᠍ᠵᠢᠯ ᠤᠨ ᠰᠠᠩ ᠠᠴᠠ 470 ᠰᠠᠶ᠎ᠠ ᠳ᠋ᠣᠯᠯᠠᠷ ᠂ ᠳᠡᠯᠡᠬᠡᠢ ᠶᠢᠨ ᠨᠣᠭᠤᠭᠠᠨ ᠬᠥᠭ᠍ᠵᠢᠯ ᠤᠨ ᠢᠨᠰᠲ᠋ᠢᠲ᠋ᠤᠴ ᠠᠴᠠ 100 ᠭᠠᠷᠦᠢ ᠰᠠᠶ᠎ᠠ ᠳ᠋ᠣᠯᠯᠠᠷ ᠤᠨ ᠨᠡᠩ ᠬᠥᠩᠭᠡᠯᠡᠯᠲᠡ ᠲᠠᠢ ᠵᠢᠭᠡᠯᠡ᠂ ᠪᠤᠴᠠᠯᠲᠠ ᠦᠭᠡᠢ ᠲᠤᠰᠠᠯᠠᠮᠵᠢ ᠶᠢ ᠣᠯᠭᠣᠬᠤ ᠳᠤ ᠲᠡᠷᠡ ᠬᠥᠮᠦᠨ ᠠᠷᠤ ᠳᠤ ᠨᠢ ᠪᠠᠢᠭᠰᠠᠨ ᠭᠡᠵᠦ ᠮᠤᠩᠭᠤᠯ ᠤᠨ ᠲᠦᠷᠦ ᠦᠵᠡᠵᠦ ᠪᠠᠢᠨ᠎ᠠ ᠃