ᠨᠡᠢᠰᠯᠡᠯ ᠡᠴᠡ 130 ᠺᠢᠯᠣᠮᠧᠲᠷ ᠵᠠᠢᠲᠠᠢ ᠲᠥᠪ ᠠᠢᠮᠠᠭ ᠤᠨ ᠪᠠᠶᠠᠨ᠂ ᠪᠠᠶᠠᠨ ᠵᠢᠷᠭᠠᠯᠠᠩ ᠰᠤᠮᠤ ᠶᠢᠨ ᠵᠡᠭᠠᠬ ᠲᠡᠬᠢ ᠪᠥᠭᠡᠷᠡᠯᠵᠢᠭᠦᠲᠦ ᠶᠢᠨ ᠴᠠᠬᠢᠯᠭᠠᠨ ᠰᠲ᠋ᠠᠨᠼ 600MW ᠬᠦᠴᠦᠨ ᠴᠢᠳᠠᠯ ᠲᠠᠢ ᠪᠥᠭᠡᠳ ᠲᠥᠰᠥᠯ ᠦᠨ ᠡᠬᠢᠨ ᠤ ᠪᠯᠣᠻ ᠪᠣᠯᠬᠤ 150 MW ᠬᠦᠴᠦᠨ ᠴᠢᠳᠡᠯ ᠪᠦᠬᠦᠢ ᠴᠠᠬᠢᠯᠭᠠᠨ ᠰᠲ᠋ᠠᠨᠼ ᠢ ᠭᠡᠷ᠎ᠡ ᠳᠤ ᠵᠢᠭᠠᠭᠰᠠᠨ ᠬᠤᠭᠤᠴᠠᠭᠠᠨ ᠳᠤ ᠪᠠᠨ ᠬᠦᠯᠢᠶᠡᠯᠭᠡᠨ ᠦᠭᠴᠡᠢ ᠃
ᠪᠥᠭᠡᠷᠡᠯᠵᠢᠭᠦᠲᠦ ᠶᠢᠨ ᠴᠠᠬᠢᠯᠭᠠᠨ ᠰᠲ᠋ᠠᠨᠼ ᠨᠢ ᠲᠤᠰ ᠪᠦᠷᠢ 150 MW ᠬᠦᠴᠦᠨ ᠴᠢᠳᠡᠯ ᠪᠦᠬᠦᠢ ᠳᠥᠷᠪᠡᠨ ᠪᠯᠣᠻ ᠲᠠᠢ ᠃ ᠬᠤᠶᠠᠳᠤᠭᠠᠷ ᠪᠯᠣᠻ ᠢ 2025 ᠣᠨ ᠤ ᠠᠷᠪᠠᠳᠤᠭᠠᠷ ᠰᠠᠷ᠎ᠠ ᠳᠤ ᠂ 3᠂ 4 ᠳ᠋ᠤᠭᠠᠷ ᠪᠯᠣᠻ ᠢ 2027᠂ 2028 ᠣᠨ ᠳᠤ ᠠᠰᠢᠭ᠌ᠯᠠᠯᠲᠠ ᠳᠤ ᠣᠷᠣᠭᠤᠯᠬᠤ ᠪᠠᠷ ᠲᠥᠯᠥᠪᠯᠡᠵᠡᠢ ᠃
ᠡᠨᠡ ᠠᠷᠪᠠᠳᠤᠭᠠᠷ ᠰᠠᠷ᠎ᠠ ᠶᠢᠨ ᠰᠡᠭᠦᠯᠴᠢ ᠂ ᠠᠷᠪᠠᠨ ᠨᠢᠭᠡᠳᠦᠭᠡᠷ ᠰᠠᠷ᠎ᠠ ᠶᠢᠨ ᠳᠤᠮᠳᠠᠭᠤᠷ ᠡᠬᠢᠨ ᠦ ᠪᠯᠤᠺ ᠤᠨ ᠲᠤᠷᠰᠢᠯᠲᠠ ᠶᠢᠨ ᠠᠵᠢᠯ ᠤᠳ ᠳᠠᠭᠤᠰᠴᠤ ᠂ ᠡᠪᠦᠯ ᠤᠨ ᠤᠷᠬᠢᠯ ᠠᠴᠢᠶᠠᠯᠠᠯ ᠠᠴᠠ ᠡᠮᠦᠨ᠎ᠡ ᠠᠰᠢᠭ᠌ᠯᠠᠯᠲᠠ ᠳᠤ ᠤᠷᠤᠨ᠎ᠠ ᠃