ᠮᠣᠩᠭᠣᠯ ᠤᠯᠤᠰ ᠤᠨ ᠬᠦᠮᠦᠨ ᠠᠮᠠ ᠡᠨᠡ ᠠᠷᠪᠠᠨ ᠨᠢᠭᠡᠳᠦᠭᠡᠷ ᠰᠠᠷ᠎ᠠ ᠶᠢᠨ ᠡᠴᠦᠰ ᠭᠡᠬᠦ ᠳᠦ 3.5 ᠰᠠᠶ᠎ᠠ ᠳᠤ ᠬᠦᠷᠦᠨ᠎ᠡ ᠬᠡᠮᠡᠨ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠯ᠎ᠡ᠃ ᠮᠣᠩᠭᠣᠯ ᠤᠯᠤᠰ ᠤᠨ ᠬᠦᠮᠦᠨ ᠠᠮᠠ 1962 ᠣᠨ ᠳᠤ ᠨᠢᠭᠡ ᠰᠠᠶ᠎ᠠ ᠪᠣᠯᠤᠭᠰᠠᠨ ᠪᠣᠯ 1988 ᠣᠨ ᠳᠤ ᠬᠤᠶᠠᠷ ᠰᠠᠶ᠎ᠠ᠂ 2015 ᠣᠨ ᠳᠤ ᠭᠤᠷᠪᠠᠨ ᠰᠠᠶ᠎ᠠ ᠳᠤ ᠬᠦᠷᠦᠭᠰᠡᠨ ᠪᠠᠶᠢᠨ᠎ᠠ᠃
ᠬᠦᠮᠦᠨ ᠠᠮᠠ᠂ ᠣᠷᠣᠨ ᠰᠠᠭᠤᠴᠠᠨ ᠤ 2020 ᠣᠨ ᠤ ᠲᠣᠭᠠᠯᠠᠯᠭ᠎ᠠ ᠶᠢᠨ ᠳ᠋ᠦᠩ ᠳᠦ ᠰᠠᠭᠤᠷᠢᠯᠠᠭᠰᠠᠨ ᠬᠦᠮᠦᠨ ᠠᠮᠠ ᠶᠢᠨ ᠰᠢᠨᠡᠴᠢᠯᠡᠭᠰᠡᠨ ᠬᠡᠲᠦ ᠶᠢᠨ ᠲᠣᠭᠠᠴᠠᠭ᠎ᠠ ᠪᠠᠷ ᠮᠠᠨ ᠤ ᠤᠯᠤᠰ ᠤᠨ ᠬᠦᠮᠦᠨ ᠠᠮᠠ 2033 ᠣᠨ ᠳᠤ ᠳᠦᠷᠪᠡᠨ ᠰᠠᠶ᠎ᠠ᠂ 2048 ᠣᠨ ᠳᠤ ᠲᠠᠪᠤᠨ ᠰᠠᠶ᠎ᠠ ᠳᠤ ᠬᠦᠷᠬᠦ ᠲᠥᠯᠥᠪ ᠲᠡᠢ ᠪᠠᠶᠢᠭ᠎ᠠ ᠠᠵᠠᠢ᠃