ᠲᠠᠩᠭᠤᠳ ᠤᠨ ᠭᠠᠯᠰᠠᠩ《ᠣᠷᠴᠢᠭᠤᠯᠤᠭᠴᠢ ᠶᠢᠨ ᠵᠣᠪᠠᠯᠠᠩ ᠵᠢᠷᠭᠠᠯ》 ᠢ ᠬᠦᠦᠷᠨᠢᠵᠡᠢ | News.MN

ᠲᠠᠩᠭᠤᠳ ᠤᠨ ᠭᠠᠯᠰᠠᠩ《ᠣᠷᠴᠢᠭᠤᠯᠤᠭᠴᠢ ᠶᠢᠨ ᠵᠣᠪᠠᠯᠠᠩ ᠵᠢᠷᠭᠠᠯ》 ᠢ ᠬᠦᠦᠷᠨᠢᠵᠡᠢ

ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠠᠷᠠᠳ ᠤᠨ ᠤᠷᠠᠨ ᠵᠣᠬᠢᠶᠠᠯᠴᠢ᠂ ᠪᠢᠴᠢᠭ ᠦᠨ ᠶᠡᠬᠡ ᠬᠥᠮᠥᠨ ᠲᠠᠩᠭᠤᠳ ᠤᠨ ᠭᠠᠯᠰᠠᠩ ᠤᠨ《ᠣᠷᠴᠢᠭᠤᠯᠤᠭᠴᠢ ᠶᠢᠨ ᠵᠣᠪᠠᠯᠠᠩ᠂ ᠵᠢᠷᠭᠠᠯ》 ᠨᠣᠮ ᠤᠨ ᠨᠡᠭᠡᠭᠡᠯᠲᠡ ᠥᠨᠥᠳᠥᠷ ᠪᠤᠯᠤᠯ᠎ᠠ᠃ ᠲᠤᠰ ᠨᠤᠮ ᠳᠤ ᠼ ∙ ᠭᠣᠮᠪᠣᠰᠦ᠋ᠷᠦᠩ᠂ ᠳ ∙ ᠴᠠᠬᠢᠯᠭᠠᠨ᠂ ᠵ ∙ ᠭᠡᠨᠳᠡᠨᠳᠡᠷᠮ᠎ᠡ ᠲᠡᠷᠢᠭᠦᠲᠡᠢ 19 ᠣᠷᠴᠢᠭᠤᠯᠤᠭᠴᠢ ᠶᠢᠨ ᠰᠣᠨᠢᠷᠬᠠᠯᠲᠠᠢ ᠶᠠᠷᠢᠯᠴᠠᠯᠭ᠎ᠠ ᠪᠠᠭᠲᠠᠭᠰᠠᠨ ᠪᠠᠶᠢᠨ᠎ᠠ᠃
ᠨᠣᠮ ᠤᠨ ᠵᠣᠬᠢᠶᠠᠭᠴᠢ ᠲᠠᠩᠭᠤᠳ ᠤᠨ ᠭᠠᠯᠰᠠᠩ᠄  ᠳᠡᠯᠡᠬᠡᠢ ᠳᠦ ᠠᠯᠳᠠᠷᠲᠠᠢ ᠤᠷᠠᠨ ᠵᠣᠬᠢᠶᠠᠯ ᠢ ᠥᠪᠡᠷ ᠦᠨ ᠬᠡᠯᠡᠨ᠎ᠡ ᠲᠤᠩ ᠴᠢᠳᠠᠮᠠᠭᠠᠢ ᠪᠠᠭᠤᠯᠭᠠᠵᠤ᠂ ᠤᠩᠰᠢᠭᠴᠢᠳ ᠢ ᠰᠣᠳᠣ ᠪᠦᠲᠦᠭᠡᠯ ᠦᠳ ᠲᠡᠢ ᠲᠠᠨᠢᠯᠴᠠᠬᠤ ᠪᠣᠯᠤᠮᠵᠢ ᠶᠢ ᠣᠯᠭᠤᠭᠰᠠᠨ ᠡᠳᠡᠭᠡᠷ ᠡᠷᠬᠢᠮ ᠦᠳ ᠢ ᠢᠷᠡᠭᠡᠳᠦᠢ ᠬᠣᠶᠢᠴᠢ ᠳᠤ ᠲᠠᠨᠢᠭᠤᠯᠬᠤ᠂ ᠠᠯᠳᠠᠷ ᠰᠤᠤ ᠶᠢ ᠨᠢ ᠮᠥᠩᠬᠡᠯᠡᠬᠦ ᠵᠣᠷᠢᠯᠭ᠎ᠠ ᠪᠠᠷ ᠨᠣᠮ ᠪᠣᠯᠭᠠᠨ ᠬᠡᠪᠯᠡᠭᠦᠯᠦᠭᠰᠡᠨ ᠶᠤᠮ ᠬᠡᠮᠡᠪᠡ᠃

ᠰᠡᠳᠬᠢᠭᠳᠡᠯ ᠦᠯᠡᠳᠡᠭᠡᠬᠦ