ᠪ∙ᠬᠠᠯᠢᠭᠤᠨ᠂ ᠳ∙ᠠᠮᠤᠷᠰᠠᠶᠢᠬᠠᠨ ᠳᠡᠯᠡᠬᠡᠢ ᠶᠢᠨ ᠠᠪᠤᠷᠭᠤ ᠪᠣᠯᠪᠠ | News.MN

ᠪ∙ᠬᠠᠯᠢᠭᠤᠨ᠂ ᠳ∙ᠠᠮᠤᠷᠰᠠᠶᠢᠬᠠᠨ ᠳᠡᠯᠡᠬᠡᠢ ᠶᠢᠨ ᠠᠪᠤᠷᠭᠤ ᠪᠣᠯᠪᠠ

ᠰᠢᠲᠠᠷ᠎ᠠ ᠰᠣᠨᠢᠷᠬᠠᠭᠴᠢᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠸᠺᠰᠢᠺᠦ ᠤᠯᠤᠰ ᠤᠨ  ᠮᠠᠨᠽᠠᠨᠯᠯᠤ᠋  ᠬᠤᠲᠠ ᠳᠤ ᠵᠢᠷᠭᠤᠳᠤᠭᠠᠷ ᠰᠠᠷ᠎ᠠ ᠶᠢᠨ 30 ᠍ ᠠᠴᠠ ᠳᠣᠯᠣᠳᠤᠭᠠᠷ ᠰᠠᠷ᠎ᠠ ᠶᠢᠨ 7 ᠍ ᠤ ᠡᠳᠦᠷ ᠦᠳ ᠲᠦ ᠪᠣᠯᠵᠤ᠂ ᠰᠢᠯᠢᠳᠡᠭ ᠦᠳ ᠢᠶᠡᠨ ᠲᠣᠳᠣᠷᠠᠭᠤᠯᠪᠠ᠃ 60 ᠣᠷᠣᠨ ᠤ ᠲᠠᠮᠢᠷᠴᠢᠳ 1700᠂ 2000 ᠬᠦᠷᠲᠡᠯᠡᠬᠢ᠂ 2100 ᠍ ᠠᠴᠠ ᠳᠡᠭᠡᠭᠰᠢ ᠭᠡᠰᠡᠨ ᠴᠢᠨᠰᠠᠭᠠᠨ ᠤ ᠠᠩᠭᠢᠯᠠᠯ ᠳᠤ ᠥᠷᠢᠰᠦᠯᠳᠦᠵᠦ᠂  ᠪ∙ ᠬᠠᠯᠢᠭᠤᠨ᠂ ᠳ∙ᠠᠮᠤᠷᠰᠠᠶᠢᠬᠠᠨ ᠠᠩᠭᠢᠯᠠᠯ ᠳᠤ ᠪᠠᠨ ᠲᠦᠷᠦᠭᠦᠯᠡᠵᠦ᠂ ᠳᠡᠯᠡᠬᠡᠢ ᠶᠢᠨ ᠠᠪᠤᠷᠭᠤ ᠴᠣᠯᠠ ᠶᠢ ᠬᠦᠷᠲᠡᠯ᠎ᠡ᠃

ᠡᠮᠡᠭᠲᠡᠶᠢᠴᠦᠳ ᠦᠨ 2000 ᠬᠦᠷᠲᠡᠯᠡᠬᠢ ᠴᠢᠨᠰᠠᠭᠠᠨ ‍ᠣ ᠠᠩᠭᠢᠯᠠᠯ ᠳᠤ ᠲᠦᠷᠦᠭᠦᠯᠡᠭᠰᠡᠨ ᠪ∙ᠬᠠᠯᠢᠭᠤᠨ ᠥᠩᠭᠡᠷᠡᠭᠰᠡᠨ ᠵᠢᠯ 1700 ᠬᠦᠷᠲᠡᠯᠡᠬᠢ ᠴᠢᠨᠰᠠᠭᠠᠨ ᠤ ᠲᠡᠮᠡᠴᠡᠭᠡᠨ ᠳᠦ ᠳᠡᠳ᠋ ᠠᠪᠤᠷᠭᠤ ᠪᠣᠯᠤᠭᠰᠠᠨ ᠪᠣᠯ ᠡᠨᠡ ᠵᠢᠯ ᠴᠢᠨᠰᠠᠭ᠎ᠠ ᠪᠠᠨ ᠠᠬᠢᠭᠤᠯᠤᠨ ᠰᠣᠨᠢᠷᠬᠠᠭᠴᠢᠳ ᠤᠨ ᠳᠡᠯᠡᠬᠡᠢ ᠶᠢᠨ ᠠᠪᠤᠷᠭᠤ ᠪᠣᠯᠤᠯ᠎ᠠ᠃  ᠲᠡᠷᠡ ᠡᠮᠦᠨᠡᠭᠣᠪᠢ ᠠᠶᠢᠮᠠᠭ ᠤᠨ ᠲᠠᠮᠢᠷᠴᠢᠨ ᠶᠤᠮ᠃ ᠮᠥᠨ ︽ᠮᠣᠩᠭᠧᠨ︾ ᠰᠢᠲᠠᠷ᠎ᠠ ᠶᠢᠨ ᠺᠯᠦ᠋ᠪ ᠤᠨ ᠲᠠᠮᠢᠷᠴᠢᠨ ᠳ ∙ ᠠᠮᠤᠷᠰᠠᠶᠢᠬᠠᠨ ᠠᠩᠭᠢᠯᠠᠯ ᠳᠤ ᠪᠠᠨ ᠲᠦᠷᠦᠭᠦᠯᠡᠵᠦ᠂ ᠳᠡᠯᠡᠬᠡᠢ ᠶᠢᠨ ᠠᠪᠤᠷᠭᠤ ᠪᠣᠯᠤᠯ᠎ᠠ᠃

ᠰᠡᠳᠬᠢᠭᠳᠡᠯ ᠦᠯᠡᠳᠡᠭᠡᠬᠦ