ᠣᠯᠠᠨ ᠤᠯᠤᠰ ᠤᠨ ᠲᠧᠨᠨᠢᠰ ᠤᠨ ᠬᠣᠯᠪᠣᠭᠠᠨ ᠠᠴᠠ ᠵᠣᠬᠢᠶᠠᠨ ᠪᠠᠶᠢᠭᠤᠯᠵᠤ ᠪᠤᠢ ᠠᠽᠢᠶ᠎ᠠ ᠶᠢᠨ ᠠᠪᠤᠷᠭᠤ ᠰᠢᠯᠭᠠᠷᠠᠭᠤᠯᠬᠤ 14 ᠨᠠᠰᠤᠨ ᠤ ᠨᠢᠭᠡᠳᠦᠭᠡᠷ ᠳ᠋ᠢᠸᠢᠽᠢᠶᠤᠨ ᠤ ᠲᠧᠨᠨᠢᠰ ᠤᠨ ᠲᠡᠮᠡᠴᠡᠭᠡᠨ ᠡᠨᠡ ᠰᠠᠷ᠎ᠠ ᠶᠢᠨ 6-18 ᠍ ᠤ ᠬᠣᠭᠣᠷᠣᠨᠳᠣ ᠦᠽᠪᠸᠺᠰᠲ᠋ᠠᠨ ᠤᠯᠤᠰ ᠤᠨ ᠲᠠᠱᠺᠧᠨᠲ ᠬᠤᠲᠠ ᠳᠦ ᠪᠣᠯᠵᠤ ᠪᠠᠶᠢᠨ᠎ᠠ᠃
ᠤᠭ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠦᠭᠡᠯᠡᠵᠦ ᠴ᠂ ᠮᠠᠷᠠᠯᠭᠤᠸᠠ ᠂ ᠴ ᠂ ᠮᠠᠷᠲᠠ ᠨᠠᠷ ᠤᠷᠤᠯᠴᠠᠬᠤ ᠡᠷᠬᠡ ᠪᠡᠨ ᠠᠪᠴᠤ ᠪᠡᠯᠡᠳᠬᠡᠯ ᠢᠶᠡᠨ ᠬᠠᠩᠭᠠᠨ 5 ᠍ ᠳᠦᠭᠡᠷ ᠰᠠᠷ᠎ᠠ ᠶᠢᠨ 3 ᠍ ᠤ ᠥᠷᠯᠥᠭᠡ ᠦᠽᠪᠸᠺᠰᠲ᠋ᠠᠨ ᠤᠯᠤᠰ ᠢ ᠵᠣᠷᠢᠯ᠎ᠠ᠃ ᠰ∙ᠰᠦᠬᠡᠵᠢᠷᠭᠠᠯ ᠳᠠᠰᠬᠠᠯᠵᠢᠭᠤᠯᠤᠭᠴᠢ ᠪᠠᠭ ᠢ ᠠᠬᠠᠯᠠᠨ ᠣᠷᠣᠯᠴᠠᠭᠰᠠᠨ ᠪᠠᠶᠢᠨ᠎ᠠ᠃ ᠡᠶᠢᠨ ᠬᠦ ᠮᠣᠩᠭᠣᠯ ᠤᠨ ᠲᠠᠮᠢᠷᠴᠢᠳ ᠣᠯᠠᠨ ᠤᠯᠤᠰ ᠤᠨ ᠲᠡᠮᠡᠴᠡᠭᠡᠨ ᠤᠷᠤᠯᠳᠤᠭᠠᠨ ᠳᠤ ᠴᠢᠨᠰᠠᠭ᠎ᠠ ᠪᠠᠨ ᠠᠬᠢᠭᠤᠯᠬᠤ ᠶᠢᠨ ᠲᠤᠯᠠᠳᠠ ᠣᠷᠣᠯᠴᠠᠵᠤ᠂ ᠴᠢᠨᠠᠭᠰᠢᠳᠠ ᠤᠭ ᠰᠫᠣᠷᠲ ᠢ ᠬᠥᠭᠵᠢᠭᠦᠯᠬᠦ ᠶᠢᠨ ᠲᠤᠯᠠᠳᠠ ᠬᠦᠴᠦᠨ ᠴᠢᠷᠮᠠᠶᠢᠯᠲᠠ ᠭᠠᠷᠭᠠᠨ ᠠᠵᠢᠯᠯᠠᠵᠤ ᠪᠠᠶᠢᠨ᠎ᠠ᠃