ᠬᠠᠰᠠᠭ ᠲᠦᠮᠡᠨ ᠦ ᠪᠠᠶᠠᠷ ᠪᠣᠯᠤᠨ᠎ᠠ | News.MN

ᠬᠠᠰᠠᠭ ᠲᠦᠮᠡᠨ ᠦ ᠪᠠᠶᠠᠷ ᠪᠣᠯᠤᠨ᠎ᠠ

ᠬᠠᠰᠠᠭ ᠲᠦᠮᠡᠨ ᠦ ᠦᠨᠳᠦᠰᠦᠨ ᠦ ᠪᠠᠶᠠᠷ ᠪᠣᠯᠬᠤ ᠨᠠᠦᠷᠢᠽ ᠤᠨ ᠪᠠᠶᠠᠷ ᠭᠤᠷᠪᠠᠳᠤᠭᠠᠷ ᠰᠠᠷ᠎ᠠ ᠶᠢᠨ 22 ᠤ ᠡᠳᠦᠷ ᠲᠣᠬᠢᠶᠠᠳᠠᠭ᠃ ᠲᠤᠰ ᠪᠠᠶᠠᠷ ᠢ ᠤᠭᠲᠤᠨ ᠤᠯᠠᠭᠠᠨᠪᠠᠭᠠᠲᠤᠷ ᠳᠠᠬᠢ ᠪᠠᠶᠠᠨ-ᠥᠯᠥᠭᠡᠢ ᠠᠶᠢᠮᠠᠭ ᠤᠨ ᠵᠠᠯᠠᠭᠤᠴᠤᠳ ᠤᠨ ᠬᠣᠯᠪᠣᠭ᠎ᠠ ᠮᠣᠩᠭᠣᠯ ᠤᠨ ᠵᠠᠯᠠᠭᠤᠴᠤᠳ ᠤᠨ ᠬᠣᠯᠪᠣᠭ᠎ᠠ ᠲᠠᠢ ᠬᠠᠮᠲᠤᠷᠠᠨ ᠥᠨᠥᠳᠥᠷ ︵2019.03.20 ︶ ︽ᠬᠠᠰᠠᠭ ᠶᠣᠰᠣ ᠵᠠᠩᠰᠢᠯ ᠢ ᠰᠤᠷᠲᠠᠯᠴᠢᠯᠠᠬᠤ ᠡᠳᠦᠷᠯᠢᠭ ︾᠍ ᠢ ᠵᠣᠬᠢᠶᠠᠨ ᠪᠠᠶᠢᠭᠤᠯᠤᠯ᠎ᠠ᠃ ᠡᠳᠦᠷᠯᠢᠭ ᠲᠦ ᠵᠣᠷᠢᠭᠤᠯᠵᠤ ᠬᠠᠰᠠᠭ ᠦᠨᠳᠦᠰᠦᠨ ᠦ ᠭᠡᠷ ᠢ ᠲᠤᠰᠬᠠᠶᠢᠯᠠᠨ ᠪᠠᠷᠢᠭᠰᠠᠨ ᠠᠴᠠ ᠭᠠᠳᠠᠨ᠎ᠠ ᠬᠦᠷᠦᠯᠴᠡᠨ ᠢᠷᠡᠭᠰᠡᠨ ᠵᠣᠴᠢᠳ ᠲᠥᠯᠥᠭᠡᠯᠡᠭᠴᠢᠳ ᠢ ᠨᠠᠦᠷᠢᠽ ᠺᠦᠵᠸ᠂ ᠢᠳᠡᠭᠡ ᠪᠤᠳᠠᠭ᠎ᠠ ᠪᠠᠷ ᠳᠠᠶᠢᠯᠠᠵᠤ᠂ ᠬᠠᠰᠠᠭ ᠠᠷᠠᠳ ᠤᠨ ᠳᠠᠭᠤᠤ᠂ ᠳᠣᠮᠪᠣᠷ ᠤᠨ ᠠᠶᠠᠯᠭᠤ ᠶᠢ ᠰᠣᠨᠢᠷᠬᠠᠭᠤᠯᠵᠠᠢ᠃
ᠬᠠᠰᠠᠭ ᠲᠦᠮᠡᠨ ᠵᠢᠯ ᠪᠣᠯᠭᠠᠨ ᠤ ᠭᠤᠷᠪᠠᠳᠤᠭᠠᠷ ᠰᠠᠷ᠎ᠠ ᠶᠢᠨ 22 ᠍ ᠳᠦ ᠤᠭ ᠪᠠᠶᠠᠷ ᠢ ᠲᠡᠮᠳᠡᠭᠯᠡᠨ ᠥᠩᠭᠡᠷᠡᠭᠦᠯᠳᠡᠭ᠃ ᠳᠡᠯᠡᠬᠡᠢ ᠳ᠋ᠠᠬᠢᠨ ᠳᠤ ᠣᠶᠢᠷᠠᠬᠢ ᠳᠣᠷᠣᠨᠠᠲᠤ᠂ ᠪᠠᠯᠺᠠᠨ ᠤ ᠬᠣᠶᠢᠭ᠂ ᠲᠥᠪ ᠠᠽᠢᠶ᠎ᠠ᠂  ᠺᠠᠤᠺᠠᠽ ᠵᠡᠷᠭᠡ ᠭᠠᠵᠠᠷ ᠨᠤᠲᠤᠭ ᠤᠨ 300 ᠰᠠᠶ᠎ᠠ ᠭᠠᠷᠤᠢ ᠬᠦᠮᠦᠨ  ᠨᠠᠦᠷᠢᠽ ᠤᠨ ᠪᠠᠶᠠᠷ ᠢ ᠥᠷᠭᠡᠨ ᠲᠡᠮᠳᠡᠭᠯᠡᠨ ᠥᠩᠭᠡᠷᠡᠭᠦᠯᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ