ᠮᠣᠩᠭᠣᠯ ᠤᠨ ᠨᠣᠮ ᠤᠨ ᠰᠠᠩ ᠤᠨ ᠰᠠᠯᠪᠤᠷᠢ ᠶᠢᠨ 2018 ᠣᠨ ᠤ ︽ᠣᠨᠴᠠᠯᠠᠬᠤ ᠰᠤᠶᠤᠯ ᠂ ᠣᠯᠠᠨ ᠨᠡᠶᠢᠲᠡ ᠶᠢᠨ ᠠᠵᠢᠯ︾ ᠢᠶᠡᠷ ᠬᠡᠨᠲᠡᠢ ᠠᠶᠢᠮᠠᠭ ᠤᠨ ᠨᠡᠶᠢᠲᠡ ᠶᠢᠨ ᠨᠣᠮ ᠤᠨ ᠰᠠᠩ ᠦᠨ ᠵᠣᠬᠢᠶᠠᠨ ᠪᠠᠶᠢᠭᠤᠯᠤᠭᠰᠠᠨ ᠠᠵᠢᠯ ᠤᠳ ᠰᠢᠯᠭᠠᠷᠠᠵᠠᠢ᠃ ᠲᠣᠳᠣᠷᠠᠭᠤᠯᠪᠠᠯ᠂ ᠡᠨᠡ ᠵᠢᠯ ︽ᠭᠡᠷ ᠪᠦᠯᠢ ᠶᠢᠨ ᠤᠩᠰᠢᠯᠭ᠎ᠠ︾᠂ ︽ᠵᠥᠭᠡᠭᠡᠪᠦᠷᠢ ᠶᠢᠨ ᠤᠩᠰᠢᠯᠭ᠎ᠠ︾᠂ ︽ᠥᠷᠯᠥᠭᠡᠨ ᠦ ᠤᠩᠰᠢᠯᠭ᠎ᠠ︾᠂ ︽ᠥᠷᠯᠥᠭᠡᠨ ᠦ ᠬᠦᠮᠦᠨ︾᠂ ︽ᠢᠷᠠᠭᠤ ᠨᠠᠶᠢᠷᠠᠭ ᠤᠨ ᠤᠩᠰᠢᠯᠭ᠎ᠠ︾ ᠵᠡᠷᠭᠡ ᠴᠣ ᠰᠢᠨ᠎ᠡ ᠠᠷᠭ᠎ᠠ ᠬᠡᠯᠪᠡᠷᠢ ᠨᠦᠭᠦᠳ ᠢ ᠦᠢᠯᠡ ᠠᠵᠢᠯᠯᠠᠭᠠᠨ ᠳᠤ ᠪᠠᠨ ᠨᠡᠪᠲᠡᠷᠡᠭᠦᠯᠦᠭᠰᠡᠨ ᠪᠠᠶᠢᠨ᠎ᠠ᠃
ᠬᠡᠨᠲᠡᠢ ᠠᠶᠢᠮᠠᠭ ᠤᠨ ᠵᠠᠰᠠᠭ ᠳᠠᠷᠤᠭ᠎ᠠ ᠶᠢᠨ 2016-2020 ᠣᠨ ᠤ ᠦᠢᠯᠡ ᠠᠵᠢᠯᠯᠠᠭᠠᠨ ᠤ ᠬᠥᠲᠥᠯᠪᠦᠷᠢ ᠳᠦ ︽ᠨᠣᠮ ᠤᠩᠰᠢᠵᠠᠭᠠᠶᠠ︾ ᠬᠥᠳᠡᠯᠭᠡᠭᠡᠨ ᠲᠤᠰᠬᠠᠭᠳᠠᠭᠰᠠᠨ ᠪᠠᠶᠢᠳᠠᠭ ᠪᠥᠭᠡᠳ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠠᠴᠠ ᠤᠶᠤᠨᠯᠢᠭ ᠬᠡᠨᠲᠡᠢᠴᠦᠳ ᠢ ᠣᠯᠠᠨ ᠢᠶᠠᠷ ᠪᠤᠢ ᠪᠣᠯᠭᠠᠬᠤ ᠵᠣᠷᠢᠯᠲᠠ ᠶᠢ ᠳᠡᠪᠰᠢᠭᠦᠯᠦᠭᠰᠡᠨ ᠨᠢ ᠶᠡᠬᠡᠬᠡᠨ ᠲᠦᠯᠬᠢᠴᠡ ᠪᠣᠯᠵᠠᠢ᠃