ᠪᠠᠭᠠᠬᠠᠩᠭᠠᠢ ᠳᠡᠭᠦᠷᠭᠡ ᠶᠢᠨ ᠨᠢᠭᠡᠳᠦᠭᠡᠷ ᠬᠣᠷᠢᠶ᠎ᠠ ᠪᠠᠭᠠᠬᠠᠩᠭᠠᠢ ᠥᠷᠲᠡᠭᠡᠨ ᠳᠦ ᠣᠯᠠᠨ ᠤᠯᠤᠰ ᠤᠨ ᠴᠢᠨᠠᠷᠲᠠᠢ ᠲᠡᠮᠦᠷ ᠵᠠᠮ ᠤᠨ ᠬᠠᠭᠠᠯᠲᠠ ᠦᠭᠡᠢ ᠭᠠᠷᠠᠮ ᠳᠡᠭᠡᠷ᠎ᠡ ᠭᠠᠯᠲᠤ ᠲᠡᠷᠭᠡ ᠰᠠᠭᠤᠳᠠᠯ ᠤᠨ ᠮᠠᠰᠢᠨ ᠢ ᠮᠥᠷᠭᠥᠭᠰᠡᠨ ᠬᠡᠷᠡᠭ ᠠᠷᠪᠠᠨ ᠨᠢᠭᠡᠳᠦᠭᠡᠷ ᠰᠠᠷ᠎ᠠ ᠶᠢᠨ 30 ᠍ ᠤ ᠡᠳᠦᠷ ᠭᠠᠷᠴᠠᠢ᠃ ᠲᠣᠳᠣᠷᠠᠭᠤᠯᠪᠠᠯ᠂ ᠤᠯᠠᠭᠠᠨᠪᠠᠭᠠᠲᠤᠷ ᠬᠣᠲᠠ ᠠᠴᠠ ᠪᠠᠭᠠᠨᠠᠭᠤᠷ ᠴᠢᠭᠯᠡᠯ ᠳᠦ ᠵᠣᠷᠴᠢᠵᠤ ᠪᠠᠶᠢᠭᠰᠠᠨ 3106 ᠳ᠋ᠤᠭᠠᠷ ᠲᠠᠢ ᠵᠢᠳᠬᠦᠭᠦᠷ ︵56 ᠴᠢᠷᠭᠡᠦᠯ ᠲᠡᠢ︶ ᠢᠷᠭᠡᠨ E ᠤᠨ HONDA ᠵᠠᠭᠪᠤᠷ ᠤᠨ ᠮᠠᠰᠢᠨ ᠢ ᠮᠥᠷᠭᠥᠭᠰᠡᠨ ᠪᠠᠶᠢᠨ᠎ᠠ᠃ ᠣᠰᠣᠯ ᠤᠨ ᠳᠠᠭᠤᠳᠠᠯᠭ᠎ᠠ ᠶᠢᠨ ᠳᠠᠭᠠᠤ ᠣᠨᠴᠠᠭᠠᠢ ᠪᠠᠶᠢᠳᠠᠯ ᠤᠨ ᠬᠡᠯᠲᠡᠰ ᠦᠨ ᠠᠯᠪᠠ ᠬᠠᠭᠠᠭᠴᠢᠳ ᠴᠠᠭ ᠠᠯᠳᠠᠯ ᠦᠭᠡᠢ ᠣᠴᠢᠵᠤ 15 ᠮᠢᠨᠦ᠋ᠲ ᠠᠵᠢᠯᠯᠠᠨ ᠮᠠᠰᠢᠨ ᠤ ᠲᠡᠮᠦᠷ ᠬᠢᠴᠡ ᠳᠦ ᠬᠠᠪᠴᠢᠭᠤᠯᠤᠭᠳᠠᠨ ᠬᠦᠨᠳᠦ ᠭᠡᠮᠲᠦᠭᠰᠡᠨ ᠢᠷᠭᠡᠨ 28 ᠨᠠᠰᠤᠲᠠᠢ ᠡᠷᠡᠭᠲᠡᠢ L᠂ 28 ᠨᠠᠰᠤᠲᠠᠢ ᠡᠷᠡᠭᠲᠡᠢ A ᠨᠠᠷ ᠢ ᠭᠠᠷᠭᠠᠵᠤ ᠡᠮᠨᠡᠯᠭᠡ ᠶᠢᠨ ᠪᠠᠶᠢᠭᠤᠯᠤᠯᠭ᠎ᠠ ᠳᠤ᠂ ᠬᠡᠷᠡᠭ ᠦᠨ ᠭᠠᠵᠠᠷ ᠢ ᠴᠠᠭᠳᠠᠭ᠎ᠠ ᠶᠢᠨ ᠪᠠᠶᠢᠭᠤᠯᠤᠯᠭ᠎ᠠ ᠳᠤ ᠲᠤᠰ ᠲᠤᠰ ᠬᠦᠯᠢᠶᠡᠯᠭᠡᠨ ᠥᠭᠴᠡᠢ᠃
ᠪᠤᠷᠮ᠎ᠠ