ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠲᠡᠷᠢᠭᠦᠯᠡᠬᠦ ᠠᠵᠢᠯᠲᠠᠨ᠂ ᠠᠺᠠᠳᠧᠮᠢᠴᠢ ᠯ∙ᠪᠣᠯᠣᠳ ᠲᠦᠷᠺ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ 2018 ᠣᠨ ᠤ ᠱᠠᠩᠨᠠᠯ ᠬᠦᠷᠲᠡᠯ᠎ᠡ᠃ ᠲᠤᠰ ᠱᠠᠩᠨᠠᠯ ᠢ 2015 ᠣᠨ ᠠᠴᠠ ᠡᠬᠢᠯᠡᠨ ᠰᠢᠨᠵᠢᠯᠡᠬᠦ ᠤᠬᠠᠭᠠᠨ ᠤ ᠭᠤᠷᠪᠠᠨ ᠰᠠᠯᠪᠤᠷᠢ ᠳᠤ ᠣᠯᠭᠤᠵᠤ ᠡᠬᠢᠯᠡᠭᠰᠡᠨ ᠪᠥᠭᠡᠳ ︽ᠨᠡᠶᠢᠭᠡᠮ ᠬᠦᠮᠦᠯᠢᠭ ᠦᠨ ᠰᠠᠯᠪᠤᠷᠢ ᠶᠢᠨ 2018 ᠣᠨ ᠤ ᠱᠠᠩᠨᠠᠯ ︾ ᠦᠨ ᠡᠵᠡᠨ ᠢᠶᠡᠷ ᠠᠺᠠᠳᠧᠮᠢᠴᠢ ᠯ∙ᠪᠣᠯᠣᠳ ᠢ ᠰᠢᠯᠭᠠᠷᠠᠭᠤᠯᠵᠠᠢ᠃ ᠲᠡᠷᠡ 1972 ᠣᠨ ᠳᠤ ᠲᠦᠷᠺ ᠰᠤᠳᠤᠯᠤᠭᠠᠴᠢ ᠪᠣᠯᠬᠤ ᠰᠢᠢᠳᠪᠦᠷᠢ ᠭᠠᠷᠭᠠᠭᠰᠠᠨ ᠠᠴᠠ ᠪᠠᠨ ᠬᠣᠶᠢᠰᠢ ᠵᠢᠷᠭᠤᠭᠠᠨ ᠵᠢᠯ ᠦᠨ ᠲᠤᠷᠰᠢ ᠬᠥᠪᠰᠥᠭᠥᠯ ᠦᠨ ᠴᠠᠲᠠᠨ ᠳᠡᠭᠡᠷ᠎ᠡ ᠣᠴᠢᠵᠤ᠂ ᠲᠠᠶᠢᠭ᠎ᠠ ᠪᠠᠷ ᠭᠡᠷ ᠬᠢᠵᠦ ᠦᠭᠡ ᠴᠤᠭᠯᠠᠭᠤᠯᠵᠤ ᠪᠠᠶᠢᠭᠰᠠᠨ ᠶᠤᠮ᠃ ᠮᠥᠨ 7-8 ᠳ᠋ᠤᠭᠠᠷ ᠵᠠᠭᠤᠨ ᠤ ᠦᠶ᠎ᠡ ᠳᠦ ᠬᠠᠮᠢᠶᠠᠷᠬᠤ ᠡᠷᠲᠡᠨ ᠦ ᠲᠦᠷᠺ ᠬᠡᠯᠡ ᠪᠦᠬᠦᠢ ᠬᠥᠰᠢᠶ᠎ᠡ ᠳᠤᠷᠠᠰᠬᠠᠯ ᠰᠤᠳᠤᠯᠵᠤ ᠡᠬᠢᠯᠡᠭᠰᠡᠨ ᠪᠠᠶᠢᠨ᠎ᠠ᠃ ᠰᠤᠳᠤᠯᠭᠠᠨ ᠤ ᠠᠵᠢᠯ ᠢᠶᠠᠷ ᠢᠶᠠᠨ ︽ᠣᠷᠬᠣᠨ ᠤ ᠪᠢᠴᠢᠭ ᠦᠨ ᠳᠤᠷᠠᠰᠬᠠᠯ︾ ᠭᠡᠳ ᠳᠥᠷᠪᠡᠨ ᠪᠣᠲᠢ ᠨᠣᠮ ᠬᠡᠪᠯᠡᠭᠦᠯᠵᠡᠢ᠃ ᠰᠡᠭᠦᠯ ᠳᠦ ︽ᠮᠣᠩᠭᠣᠯ ᠬᠡᠯᠡᠨ ᠦ ᠳᠡᠯᠭᠡᠷᠡᠩᠭᠦᠢ ᠲᠠᠶᠢᠯᠪᠤᠷᠢ ᠲᠣᠯᠢ》᠂ ᠴᠠᠬᠢᠮ ᠲᠣᠯᠢ ᠪᠦᠲᠦᠭᠡᠬᠦ ᠳᠦ ᠲᠣᠮᠣᠬᠠᠨ ᠬᠤᠪᠢ ᠨᠡᠮᠡᠷᠢ ᠣᠷᠣᠭᠤᠯᠤᠭᠰᠠᠨ ᠡᠷᠳᠡᠮᠲᠡᠨ ᠶᠤᠮ᠃