ᠠᠷᠤᠬᠠᠩᠭᠠᠢ ᠠᠶᠢᠮᠠᠭ ᠤᠨ ᠨᠡᠶᠢᠲᠡ ᠶᠢᠨ ᠨᠣᠮ ᠤᠨ ᠰᠠᠩ ᠠᠴᠠ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠂ ᠨᠠᠰᠤᠨ ᠲᠤᠷᠰᠢ ᠶᠢᠨ ᠪᠣᠯᠪᠠᠰᠤᠷᠠᠯ ᠤᠨ ᠲᠥᠪ ᠲᠡᠢ ᠬᠠᠮᠲᠤᠷᠠᠨ ︽ᠨᠣᠮ ᠤᠨ ᠪᠠᠶᠠᠷ-2018︾ᠠᠷᠭ᠎ᠠ ᠬᠡᠮᠵᠢᠶ᠎ᠡ ᠶᠢ ᠡᠨᠡ ᠰᠠᠷ᠎ᠠ ᠶᠢᠨ 15 ᠍ ᠳᠦ 《ᠨᠣᠮ ᠪᠣᠯ ᠲᠠᠨ ᠤ ᠭᠠᠷ ᠲᠤ ᠪᠠᠷᠢᠬᠤ ᠮᠥᠷᠥᠭᠡᠳᠦᠯ 》 ᠤᠷᠢᠶᠠᠨ ᠳᠣᠣᠷ᠎ᠠ ᠵᠣᠬᠢᠶᠠᠨ ᠪᠠᠶᠢᠭᠤᠯᠤᠯ᠎ᠠ᠃ ᠵᠣᠷᠢᠯᠭ᠎ᠠ ᠨᠢ ᠣᠷᠣᠨ ᠨᠤᠲᠤᠭ ᠲᠤ ᠨᠣᠮ ᠤᠩᠰᠢᠬᠤ ᠬᠥᠳᠡᠯᠭᠡᠭᠡᠨ ᠥᠷᠨᠢᠭᠦᠯᠬᠦ᠂ ᠵᠣᠬᠢᠶᠠᠯᠴᠢ ᠤᠩᠰᠢᠭᠴᠢᠳ ᠤᠨ ᠠᠭᠤᠯᠵᠠᠯᠲᠠ ᠶᠠᠷᠢᠴᠠᠯᠭᠠ ᠵᠣᠬᠢᠶᠠᠨ ᠪᠠᠶᠢᠭᠤᠯᠬᠤ᠂ ᠨᠣᠮ ᠤᠨ ᠥᠪ ᠰᠠᠩ ᠢ ᠪᠠᠶᠠᠵᠢᠭᠤᠯᠬᠤ᠂ ᠬᠡᠦᠬᠡᠳ ᠵᠠᠯᠠᠭᠤᠴᠤᠳ ᠤᠨ ᠨᠣᠮ ᠤᠩᠰᠢᠬᠤ ᠬᠦᠰᠡᠯ ᠰᠣᠨᠢᠷᠬᠠᠯ ᠢ ᠬᠦᠬᠢᠭᠦᠯᠦᠨ ᠳᠡᠮᠵᠢᠬᠦ ᠮᠥᠨ ᠪᠠᠶᠢᠭᠠᠯᠢ ᠣᠷᠴᠢᠨ ᠢᠶᠠᠨ ᠬᠠᠶᠢᠷᠠᠯᠠᠨ ᠬᠠᠮᠠᠭᠠᠯᠠᠬᠤ ᠥᠪ ᠤᠯᠠᠮᠵᠢᠯᠠᠯ ᠢ ᠰᠡᠷᠭᠦᠭᠡᠬᠦ᠂ ᠰᠤᠷᠲᠠᠯᠴᠢᠯᠠᠨ ᠲᠠᠨᠢᠭᠤᠯᠬᠤ᠂ ᠡᠬᠡ ᠣᠷᠣᠨᠴᠢ ᠦᠵᠡᠯ ᠰᠠᠨᠠᠭ᠎ᠠ ᠶᠢ ᠲᠥᠯᠦᠪᠰᠢᠭᠦᠯᠬᠦ ᠳᠦ ᠣᠷᠣᠰᠢᠵᠤ ᠪᠤᠢ᠃ ᠨᠣᠮ ᠤᠨ ᠪᠠᠶᠠᠷ ᠢᠶᠠᠷ ᠵᠣᠬᠢᠶᠠᠯᠴᠢ ᠰ∙ᠪᠠᠲᠤᠵᠢᠷᠭᠠᠯ᠂ ᠬᠡᠦᠬᠡᠳ ᠦᠨ ᠤᠷᠠᠯᠠᠨ ᠪᠦᠲᠦᠭᠡᠬᠦ ᠲᠥᠪ ᠦᠨ ᠤᠷᠠᠨ ᠰᠡᠶᠢᠯᠪᠤᠷᠢ ᠶᠢᠨ ᠪᠠᠭᠰᠢ ᠪ∙ᠪᠠᠲᠤᠴᠤᠤᠵᠢ ᠨᠠᠷ ᠨᠣᠮ ᠲᠠᠢ ᠬᠡᠷᠬᠢᠨ ᠨᠥᠬᠥᠷᠯᠡᠬᠦ᠂ ᠨᠣᠮ ᠠᠴᠠ ᠶᠠᠭᠤ ᠶᠢ ᠣᠯᠵᠤ ᠮᠡᠳᠡᠳᠡᠭ᠂ ᠶᠠᠮᠠᠷ ᠠᠴᠢ ᠬᠣᠯᠪᠣᠭᠳᠠᠯ ᠲᠠᠢ ᠲᠠᠯ᠎ᠠ ᠪᠠᠷ ᠰᠣᠨᠢᠷᠬᠠᠯᠲᠠᠢ ᠯᠸᠺᠼ ᠤᠩᠰᠢᠯ᠎ᠠ᠃
ᠠᠷᠤᠬᠠᠩᠭᠠᠢ ᠠᠶᠢᠮᠠᠭ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠨᠣᠮ ᠤᠨ ᠪᠠᠶᠠᠷ ᠢ ᠠᠩᠬ᠎ᠠ 2012 ᠣᠨ ᠳᠤ ︽ᠣᠯᠠᠭᠤᠯᠠ ᠪᠠᠨ ᠤᠩᠰᠢᠶ᠎ᠠ︾ᠤᠷᠢᠶᠠᠨ ᠳᠣᠣᠷ᠎ᠠ ᠵᠣᠬᠢᠶᠠᠨ ᠪᠠᠶᠢᠭᠤᠯᠵᠤ ᠪᠠᠶᠢᠭᠰᠠᠨ ᠪᠣᠯ ᠲᠡᠭᠦᠨ ᠡᠴᠡ ᠬᠣᠶᠢᠰᠢ ᠵᠢᠯ ᠲᠤᠲᠤᠮ ᠤᠷᠢᠶ᠎ᠠ ᠪᠠᠨ ᠥᠭᠡᠷᠡᠴᠢᠯᠡᠵᠦ 《ᠭᠡᠷ ᠪᠦᠯᠢ ᠪᠡᠷ ᠢᠶᠡᠨ ᠤᠩᠰᠢᠶ᠎ᠠ 》 ᠬᠡᠮᠡᠨ ᠴᠠᠷ᠎ᠠ ᠬᠦᠷᠢᠶ᠎ᠡ ᠪᠡᠨ ᠨᠡᠮᠡᠵᠦ᠂ ᠥᠷᠭᠡᠳᠬᠡᠵᠦ ᠪᠠᠶᠢᠭ᠎ᠠ ᠠᠵᠠᠢ ᠃