ᠴᠠᠭᠳᠠᠭ᠎ᠠ ᠶᠢᠨ ᠶᠡᠷᠦᠩᠬᠡᠢ ᠭᠠᠵᠠᠷ ᠠᠴᠠ ᠠᠷᠪᠠᠳᠤᠭᠠᠷ ᠰᠠᠷ᠎ᠠ ᠶᠢᠨ 12 ᠍ ᠤ ᠡᠳᠦᠷ ᠡᠴᠡ ᠡᠬᠢᠯᠡᠨ 45 ᠬᠣᠨᠣᠭ ᠤᠨ ᠬᠤᠭᠤᠴᠠᠭᠠᠨ ᠳᠤ ᠭᠠᠯᠲᠤ ᠵᠡᠪᠰᠡᠭ ᠢ ᠪᠦᠷᠢᠳᠬᠡᠬᠦ᠂ ᠭᠡᠷᠡᠴᠢᠯᠡᠭᠡᠵᠢᠭᠦᠯᠬᠦ ᠠᠵᠢᠯ ᠢ ᠤᠯᠤᠰ ᠤᠨ ᠬᠡᠮᠵᠢᠶᠡᠨ ᠳᠦ ᠵᠣᠬᠢᠶᠠᠨ ᠪᠠᠶᠢᠭᠤᠯᠵᠤ ᠪᠠᠶᠢᠨ᠎ᠠ᠃ ᠮᠣᠩᠭᠣᠯ ᠤᠯᠤᠰ ᠤᠨ ︽ᠭᠠᠯᠲᠤ ᠵᠡᠪᠰᠡᠭ ᠦᠨ ᠲᠤᠬᠠᠢ︾ ᠬᠠᠤᠯᠢ᠂ ᠬᠠᠤᠯᠢ ᠵᠦᠢ ᠳᠣᠲᠣᠭᠠᠳᠤ ᠬᠡᠷᠡᠭ ᠦᠨ ᠰᠠᠶᠢᠳ ᠤᠨ 2015 ᠣᠨ ᠤ A/220 ᠳ᠋ᠤᠭᠠᠷ ᠲᠤᠰᠢᠶᠠᠯ ᠢᠶᠠᠷ ᠪᠠᠲᠤᠯᠠᠭᠰᠠᠨ ︽ᠭᠠᠯᠲᠤ ᠵᠡᠪᠰᠡᠭ ᠦᠨ ᠲᠣᠭᠠᠯᠠᠯᠭ᠎ᠠ ᠶᠠᠪᠤᠭᠤᠯᠬᠤ ᠵᠢᠷᠤᠮ︾ ᠳᠦ ᠢᠷᠭᠡᠨ᠂ ᠬᠠᠤᠯᠢ ᠶᠢᠨ ᠡᠲᠡᠭᠡᠳ ᠦᠨ ᠥᠮᠴᠢᠯᠡᠯ ᠳᠦ ᠪᠠᠶᠢᠭ᠎ᠠ ᠭᠠᠯᠲᠤ ᠵᠡᠪᠰᠡᠭ ᠦᠨ ᠲᠣᠭᠠᠯᠠᠯᠭ᠎ᠠ ᠶᠢ ᠵᠢᠯ ᠪᠦᠷᠢ ᠵᠣᠬᠢᠶᠠᠨ ᠪᠠᠶᠢᠭᠤᠯᠳᠠᠭ ᠪᠢᠯᠡ᠃ ᠭᠠᠯᠲᠤ ᠵᠡᠪᠰᠡᠭ ᠦᠨ ᠲᠣᠭᠠᠯᠠᠯᠭ᠎ᠠ ᠪᠠᠷ 2016 ᠣᠨ ᠳᠤ ᠭᠠᠯᠲᠤ ᠵᠡᠪᠰᠡᠭ ᠡᠵᠡᠮᠰᠢᠭᠴᠢᠳ ᠦᠨ 70.6 ᠬᠤᠪᠢ᠂ 2017 ᠣᠨ ᠳᠤ 78.1 ᠬᠤᠪᠢ ᠨᠢ ᠬᠠᠮᠤᠷᠤᠭᠳᠠᠵᠤ ᠪᠠᠶᠢᠴᠠᠢ᠃ ᠮᠥᠨ ᠲᠣᠭᠠᠯᠠᠯᠭ᠎ᠠ ᠶᠢᠨ ᠶᠠᠪᠤᠴᠠ ᠳᠤ ᠭᠠᠯᠲᠤ ᠵᠡᠪᠰᠡᠭ᠂ ᠰᠤᠮᠤᠨ ᠤ ᠬᠠᠤᠯᠢ ᠪᠤᠰᠤ ᠦᠢᠯᠡᠳᠦᠯ᠂ ᠮᠠᠶᠢᠮᠠᠢ ᠶᠢ ᠲᠠᠰᠤᠯᠤᠨ ᠵᠣᠭᠰᠣᠭᠠᠬᠤ ᠠᠵᠢᠯᠯᠠᠭ᠎ᠠ ᠶᠢ ᠶᠠᠪᠤᠭᠤᠯᠬᠤ ᠶᠤᠮ ᠪᠠᠶᠢᠨ᠎ᠠ᠃