ᠮᠡᠳᠡᠯᠭᠡ ᠲᠠᠢ ᠬᠥᠮᠦᠨ ᠮᠡᠳᠡᠯᠭᠡ ᠦᠭᠡᠢ ᠬᠥᠮᠥᠨ ᠤ ᠬᠠᠵᠠᠭᠤ ᠳᠤ ᠰᠢᠽᠤ᠋(schizo) ᠲᠠᠢ ᠬᠠᠷᠠᠭᠳᠠᠵᠤ ᠮᠠᠭᠠᠳ ᠦᠭᠡᠶ᠃ ᠠᠢᠨᠰᠲ᠋ᠧᠨ ᠬᠡᠯᠡᠭ᠍ᠰᠡᠨ ᠪᠠᠢᠳᠠᠭ᠃《ᠬᠠᠩᠭᠠᠯᠲᠠ ᠲᠠᠢ ᠰᠢᠽᠤᠲᠠᠬᠤ ᠬᠡᠷᠡᠭ ᠲᠠᠢ᠃ ᠢᠩᠭᠢᠵᠦ ᠪᠠᠢᠵᠤ ᠰᠢᠨ᠎ᠡ ᠨᠡᠭᠡᠭᠡᠯᠳᠡ ᠬᠢᠨ᠎ᠡ》ᠭᠡᠵᠦ᠃ ᠶᠡᠷᠦ ᠨᠢ《ᠰᠢᠽᠤ᠋》ᠲᠠᠢ ᠬᠥᠮᠦᠨ ᠭᠡᠵᠦ ᠬᠡᠨ ᠢ ᠬᠡᠯᠡᠳᠡᠭ ᠶᠤᠮ︖ ᠣᠳᠤ ᠪᠣᠯ ᠥᠪᠡᠷ ᠦᠨ ᠬᠢ ᠪᠡᠷ ᠢᠶᠡᠨ᠂ ᠵᠣᠷᠢᠭ ᠲᠠᠢ᠂ ᠠᠶᠤᠳᠠᠭ ᠦᠭᠡᠢ᠂ ᠶᠡᠷᠢᠬᠤ ᠭᠡᠰᠡᠨ ᠢᠶᠡᠨ ᠶᠠᠷᠢᠴᠢᠬᠠᠳᠠᠭ ᠬᠥᠮᠥᠰ ᠢ ᠯᠡ ᠬᠡᠯᠡᠭᠡᠳ ᠪᠠᠢᠬᠤ ᠰᠢᠭ᠋ ᠪᠡᠢᠨ᠎ᠡ᠃ ᠬᠥᠮᠥᠨ ᠤ ᠳᠠᠰᠤᠭ᠎ᠠ ᠦᠭᠡᠢ᠂ ᠰᠣᠨᠤᠰᠤᠭ᠎ᠠ ᠦᠭᠡᠢ ᠶᠠᠭᠤᠮ᠎ᠠ ᠶᠢ ᠬᠡᠯᠡᠳᠡᠭ᠃
¨ ¨ ¨
ᠰᠢᠨᠵᠢᠯᠡᠬᠦ ᠤᠬᠠᠭᠠᠨ ᠤ ᠠᠻᠠᠳᠧᠮᠢ ᠴᠦ ᠂ ᠪᠠᠰᠠ ᠭᠠᠨᠳᠠᠨ ᠴᠤ ᠵᠥᠪᠬᠡᠨ ᠪᠠᠢᠭᠤᠯᠤᠯᠭ᠎ᠠ ᠨᠤᠭᠤᠳ ᠃ ᠰᠢᠨᠵᠢᠯᠡᠬᠦ ᠤᠬᠠᠭᠠᠨ ᠢ ᠠᠪᠴᠤ᠂ ᠲᠡᠭᠡᠭᠡᠵᠦ ᠶᠠᠪᠤᠵᠤ ᠴᠢᠳᠠᠭ᠎ᠠ ᠦᠭᠡᠢ ᠳᠤ ᠪᠠᠨ ᠰᠢᠨᠵᠢᠯᠡᠬᠦ ᠤᠬᠠᠭᠠᠨ ᠤ ᠠᠻᠠᠳᠧᠮᠢ ᠰᠢᠢᠳᠭᠡᠯ ᠬᠦᠯᠢᠶᠡᠬᠦ ᠶᠣᠰᠤᠲᠠᠶ᠃ ᠡᠭᠦᠨ ᠲᠠᠢ ᠠᠳᠠᠯᠢᠬᠠᠨ ᠭᠠᠨᠳᠠᠨ ᠴᠤ ᠪᠤᠳ᠋ᠳ᠋ᠾᠠᠰᠢᠮ ᠭᠡᠰᠡᠨ ᠬᠥᠮᠦᠨ ᠲᠥᠷᠥᠯᠬᠢᠲᠡᠨ ᠤ ᠪᠦᠲᠦᠭᠡᠯ ᠢ ᠶᠠᠭᠠᠬᠢᠵᠤ ᠭᠤᠲᠤᠭᠠᠵᠤ ᠮᠤᠰᠬᠢᠨ ᠭᠤᠢᠪᠢᠭᠤᠯᠤᠭᠰᠠᠨ ᠤ ᠪᠠᠨ ᠲᠥᠯᠥᠭᠡ ᠰᠢᠢᠳᠬᠡᠯ ᠬᠦᠯᠢᠶᠡᠬᠦ ᠶᠣᠰᠤᠲᠠᠶ ᠃
¨ ¨ ¨
ᠤᠷᠠᠯᠢᠭ ᠤᠨ ᠬᠥᠮᠥᠰ ᠨᠡᠢᠭᠡᠮ ᠳᠤ ᠨᠡᠷ᠎ᠡ ᠬᠦᠨᠳᠦ ᠲᠡᠢ᠂ ᠲᠥᠷᠥ ᠳᠤ ᠬᠠᠯᠠ ᠲᠠᠢ ᠪᠠᠢᠳᠠᠭ ᠃
¨ ¨ ¨
ᠮᠡᠳᠡᠭᠡᠵᠢ ᠰᠢᠨ᠎ᠡ ᠭᠡᠳᠡᠭ ᠪᠣᠯ ᠥᠭᠡᠷᠡᠴᠢᠯᠡᠯᠲᠡ ᠭᠡᠰᠡᠨ ᠣᠢᠯᠭᠠᠯᠲᠠ᠃ ᠲᠡᠢᠮᠦ ᠡᠴᠡ ᠰᠢᠨ᠎ᠡ ᠶᠢ ᠬᠦᠯᠢᠶᠡᠨ ᠠᠪᠴᠤ ᠴᠢᠳᠠᠬᠤ ᠦᠭᠡᠢ ᠭᠡᠳᠡᠭ ᠥᠭᠡᠷᠡᠴᠢᠯᠡᠯᠲᠡ ᠶᠢ ᠬᠦᠰᠡᠬᠦ ᠦᠭᠡᠢ ᠭᠡᠰᠡᠨ ᠦᠭᠡ ᠃
¨ ¨ ¨
ᠪᠡᠶ᠎ᠠ ᠬᠥᠮᠦᠨ ᠰᠢᠨᠡᠴᠢᠯᠡᠭ᠍ᠳᠡᠵᠦ ᠴᠢᠳᠠᠪᠠᠯ ᠨᠡᠢᠭᠡᠮ ᠰᠢᠨᠡᠴᠢᠯᠡᠭ᠍ᠳᠡᠵᠦ ᠬᠥᠭ᠍ᠵᠢᠯ ᠶᠠᠪᠤᠭᠳᠠᠨ᠎ᠠ ᠃
¨ ¨ ¨
ᠮᠠᠨ ᠤ ᠳᠤ ᠰᠢᠨᠡᠴᠢᠯᠡᠯ ᠦᠨ ᠵᠠᠰᠠᠭ ᠤᠨ ᠭᠠᠵᠠᠷ ᠭᠡᠵᠦ ᠶᠠᠷᠢᠳᠠᠭ ᠃ ᠲᠡᠭᠡᠪᠡᠯ ᠬᠠᠭᠤᠴᠢᠠ ᠶᠡᠮᠡᠷ ᠪᠠᠢᠭᠰᠠᠨ᠂ ᠲᠡᠭᠦᠨ ᠢ ᠲᠣᠳᠣᠷᠬᠠᠢᠯᠠᠬᠤ ᠬᠡᠷᠡᠭ ᠲᠠᠢ ᠃ ᠬᠠᠭᠤᠴᠢᠨ ᠢᠶᠠᠨ ᠭᠠᠷᠭᠠᠵᠤ᠂ ᠬᠠᠭᠤᠴᠢᠨ ᠳᠠᠭᠠᠨ ᠦᠨᠡᠯᠡᠯᠲᠡ ᠳ᠋ᠦᠩᠨᠡᠯᠲᠡ ᠥᠭ᠍ᠴᠦ ᠴᠢᠳᠠᠬᠤ ᠦᠭᠡᠢ ᠪᠣᠯ ᠰᠢᠨ᠎ᠡ ᠥᠭᠡᠷ᠎ᠡ ᠪᠡᠷ ᠬᠡᠯᠡᠪᠡᠯ ᠰᠢᠨᠡᠴᠢᠯᠡᠯ ᠶᠡᠮᠡᠷ ᠴᠤ ᠪᠣᠯᠤᠮᠵᠢ ᠦᠭᠡᠶ ᠰᠢᠦ ᠳ᠋ᠠ᠃
¨ ¨ ¨
ᠪᠣᠳᠣᠵᠤ ᠰᠤᠷᠬᠤ᠂ ᠲᠣᠯᠣᠭᠠᠢ ᠪᠠᠨ ᠠᠵᠢᠯᠯᠠᠭᠤᠯᠵᠤ ᠰᠤᠷᠬᠤ ᠲᠡᠷᠡ ᠴᠡᠬ ᠬᠦᠯᠢᠶᠡᠭ᠍ᠳᠡᠭ᠍ᠰᠡᠭᠡᠷ ᠃ ᠪᠦᠭᠦᠳᠡᠭᠡᠷ ᠢᠶᠠᠨ ᠬᠦᠯᠢᠶᠡᠨ᠎ᠡ᠃ ᠨᠡᠢᠭᠡᠮ ᠢᠶᠡᠷ ᠢᠶᠡᠨ ᠬᠦᠯᠢᠶᠡᠨ᠎ᠡ᠃
¨ ¨ ¨
ᠮᠣᠩᠭᠣᠯ ᠬᠥᠮᠦᠨ ᠪᠠ ᠪᠣᠯᠪᠠᠰᠤᠷᠠᠯ ᠭᠡᠰᠡᠨ ᠣᠢᠯᠭᠠᠯᠲᠠ ᠥᠪᠡᠷ ᠢᠶᠠᠨ ᠮᠠᠰᠢ ᠬᠦᠨᠳᠦ ᠰᠡᠳᠦᠪ ᠃ ᠥᠨᠥᠳᠥᠷ ᠬᠣᠷᠢᠨ ᠨᠢᠭᠡᠳᠦᠭᠡᠷ ᠵᠠᠭᠤᠨ ᠳᠤ ᠮᠣᠩᠭᠣᠯ ᠬᠥᠮᠦᠨ ᠬᠡᠷᠬᠢᠨ ᠳᠡᠯᠡᠬᠡᠢ ᠶᠢ ᠣᠢᠯᠠᠭᠠᠵᠤ ᠳᠡᠯᠡᠬᠡᠢ ᠶᠢ ᠳᠠᠪᠠᠨ ᠤᠬᠳᠡᠷᠭᠤᠢ ᠶᠢᠷᠲᠢᠨᠴᠦ ᠶᠢ ᠲᠥᠰᠥᠭᠡᠯᠡᠵᠦ ᠪᠤᠶ ᠲᠡᠷᠡ ᠲᠥᠰᠥᠭᠡᠯᠡᠯ ᠭᠡᠬᠦ ᠮᠡᠲᠦ ᠪᠣᠯᠪᠠᠰᠤᠷᠠᠯ ᠢᠶᠠᠷ ᠣᠯᠭᠤᠭᠳᠠᠬᠤ ᠲᠡᠷᠡ ᠮᠡᠳᠡᠯᠭᠡ ᠬᠡᠲᠦᠷᠬᠡᠢ ᠮᠤᠬᠤᠷ ᠰᠦᠰᠦᠭ ᠦᠨ ᠰᠢᠨᠵᠢ ᠲᠠᠢ ᠪᠣᠯᠵᠠᠢ᠃ ᠲᠡᠷᠡ ᠴᠤ ᠪᠦᠦ ᠬᠡᠯᠡ᠂ 100 ᠵᠢᠯ ᠦᠨ ᠡᠮᠦᠨᠡᠬᠢ ᠰᠢᠭ ᠢᠶᠡᠨ ᠪᠣᠯᠪᠠᠰᠤᠷᠠᠯ ᠢ ᠱᠠᠰᠢᠨ ᠤ ᠰᠢᠨᠵᠢ ᠲᠠᠢ ᠪᠣᠯᠭᠠᠬᠤ ᠰᠤᠷᠬᠤ ᠪᠢᠴᠢᠭ ᠤᠳ ᠭᠠᠷᠭᠠᠳᠠᠭ ᠪᠣᠯᠪᠠ ᠃
¨ ¨ ¨
ᠨᠣᠮ ᠤᠩᠰᠢᠬᠤ ᠰᠤᠶᠦᠯ ᠤᠯᠢᠭ ᠲᠠᠢ ᠣᠯᠠᠨ ᠤ ᠬᠦᠷᠲᠡᠭᠡᠯ ᠪᠣᠯᠣᠭᠰᠠᠨ ᠦᠭᠡᠢ ᠃ ᠤᠩᠰᠢᠬᠤ ᠭᠡᠳᠡᠭ ᠲᠡᠢᠮᠦ ᠴᠤ ᠠᠮᠠᠷᠬᠠᠨ ᠵᠦᠢᠯ ᠪᠢᠰᠢ ᠃ ᠶᠡᠭᠠᠬᠢᠭᠠᠦᠠ ᠭᠡᠪᠡᠯ ᠦᠢᠯᠭᠠᠬᠤ ᠶᠣᠰᠤᠲᠠᠶ ᠂ ᠪᠠᠰᠠ ᠶᠠᠷᠢᠯᠴᠠᠬᠤ ᠶᠣᠰᠤᠲᠠᠶ ᠃
¨ ¨ ¨
ᠶᠡᠭᠡ᠂ ᠲᠡᠭᠡᠳᠦ ᠰᠤᠷᠭᠠᠭᠤᠯᠢ ᠨᠤᠭᠤᠳ ᠲᠤ ᠵᠢᠭᠠᠵᠤ ᠰᠤᠷᠭᠠᠬᠤ ᠭᠡᠭ᠍ᠴᠢ ᠪᠠᠢᠵᠤ ᠪᠣᠯᠬᠤ ᠦᠭᠡᠢ ᠃ ᠣᠶᠤᠲᠠᠨ ᠥᠪᠡᠷ ᠢᠶᠠᠨ ᠪᠡᠶ᠎ᠠ ᠳᠠᠭᠠᠭᠠᠵᠤ ᠰᠤᠷᠤᠯᠴᠠᠨ᠎ᠠ ᠃ ᠫᠷᠣᠹᠧᠰᠰᠣᠷ ᠭᠡᠰᠡᠨ ᠮᠡᠳᠡᠯᠭᠡ ᠲᠠᠢ ᠬᠥᠮᠥᠨ ᠡᠴᠡ ᠮᠡᠳᠡᠯᠭᠡ ᠬᠡᠷᠬᠢᠨ ᠡᠵᠡᠮᠰᠢᠬᠦ᠂ ᠪᠠᠰᠠ ᠥᠪᠡᠷ ᠢᠶᠠᠨ ᠪᠦᠲᠦᠭᠡᠬᠦ ᠲᠤᠬᠠᠶ ᠰᠤᠷᠤᠯᠴᠠᠨ᠎ᠠ᠃ ᠫᠷᠣᠹᠸᠰᠰᠤᠷ ᠤᠳ ᠵᠢᠭᠠᠵᠤ ᠰᠤᠷᠭᠠᠬᠤ ᠪᠢᠰᠢ᠂ ᠬᠠᠷᠢᠨ ᠴᠢᠭ᠍ᠯᠡᠭᠦᠯᠵᠦ᠂ ᠪᠡᠶ᠎ᠠ ᠳᠠᠭᠠᠭᠠᠵᠤ ᠮᠡᠳᠡᠯᠭᠡ ᠡᠵᠡᠮᠰᠢᠬᠦ ᠲᠡᠷᠡ ᠦᠢᠯᠡ ᠶᠠᠪᠤᠴᠠ ᠳᠤ ᠨᠢ ᠲᠤᠰ ᠪᠣᠯᠬᠤ ᠤᠴᠢᠷ ᠲᠠᠢ ᠃
¨ ¨ ¨
ᠥᠨᠥᠳᠥᠷ ᠮᠣᠩᠭᠣᠯ ᠬᠥᠮᠦᠨ ᠪᠢᠴᠢᠭ ᠦᠰᠦᠭ ᠲᠠᠢ ᠪᠣᠯᠣᠯ᠎ᠠ ᠭᠡᠳ ᠶᠠᠭᠤ ᠤᠩᠰᠢᠨ᠎ᠠ ᠪᠣᠢ︖ ᠶᠠᠭᠤ ᠴᠤ ᠤᠩᠰᠢᠬᠤ ᠦᠭᠡᠢ᠂ ᠥᠭᠡᠷ᠎ᠡ ᠪᠡᠷ ᠬᠡᠯᠡᠪᠡᠯ ᠮᠡᠳᠡᠯᠭᠡ ᠪᠣᠯᠪᠠᠰᠤᠷᠠᠯ ᠤᠨ ᠲᠤᠬᠠᠶ ᠤᠩᠰᠢᠵᠤ ᠪᠣᠯᠪᠠᠰᠤᠷᠠᠵᠤ ᠴᠢᠳᠠᠬᠤ ᠦᠭᠡᠢ ᠪᠡᠢᠨ᠎ᠡ ᠭᠡᠪᠡᠯ ᠪᠢᠴᠢᠭ ᠦᠰᠦᠭ ᠲᠠᠢ ᠪᠣᠯᠣᠭᠰᠠᠨ ᠤ ᠬᠡᠷᠡᠭ ᠪᠡᠢᠨ᠎ᠡ ᠦᠦ ︖
¨ ¨ ¨
ᠪᠢᠴᠢᠭ ᠤᠨ ᠬᠡᠯᠡᠨ ᠳᠤ ᠣᠷᠴᠢᠭᠤᠯᠭ᠎ᠠ ᠭᠡᠵᠦ ᠪᠠᠢᠳᠠᠭ᠃ ᠬᠠᠷᠢᠨ ᠶᠠᠷᠢᠶᠠᠨ ᠤ ᠬᠡᠯᠡᠨ ᠳᠤ ᠣᠷᠴᠢᠭᠤᠯᠭ᠎ᠠ ᠪᠢᠰᠢ ᠲᠠᠢᠯᠪᠤᠷᠢ᠂ ᠥᠭᠡᠷ᠎ᠡ ᠪᠡᠷ ᠬᠡᠯᠡᠪᠡᠯ интерпретац ᠭᠡᠵᠦ ᠯᠡ ᠪᠤᠢ᠃ ᠭᠡᠲᠡᠯ᠎ᠡ ᠮᠣᠩᠭᠣᠯ ᠬᠥᠮᠥᠰ ᠬᠥᠮᠥᠨ ᠤ ᠶᠠᠷᠢᠭ᠌ᠰᠠᠨ ᠵᠦᠢᠯ ᠢ ᠭᠠᠳᠠᠭᠠᠳᠤ ᠬᠥᠮᠥᠰ ᠲᠤ ᠣᠷᠴᠢᠭᠤᠯᠤᠯᠠ ᠭᠡᠵᠦ ᠪᠤᠷᠤᠭᠤ ᠶᠡᠷᠢᠬᠤ ᠵᠢᠱᠢᠶ᠎ᠡ ᠲᠠᠢ ᠃
¨ ¨ ¨
ᠲᠠᠨᠢᠨ ᠮᠡᠳᠡᠬᠦᠢ ᠪᠤᠯᠦᠠ ᠠᠰᠠᠭᠤᠳᠠᠯ ᠶᠠᠭᠤ ᠪᠤᠢ ᠭᠡᠳᠡᠭ ᠢ ᠣᠯᠵᠤ ᠲᠣᠳᠣᠷᠬᠠᠢᠯᠠᠬᠤ ᠶᠢᠨ ᠲᠤᠯᠠᠳᠠ ᠬᠥᠮᠥᠰ ᠦᠨ ᠳᠤᠮᠳᠠ ᠬᠠᠷᠢᠯᠴᠠᠨ ᠶᠠᠷᠢᠯᠴᠠᠬᠤ ᠱᠠᠭᠠᠷᠳᠠᠯᠭ᠎ᠠ ᠭᠠᠷᠳᠠᠭ ᠃
¨ ¨ ¨
ᠶᠡᠭᠠᠬᠢᠭᠠᠦᠠ ᠮᠣᠩᠭᠣᠯ ᠬᠥᠮᠦᠨ ᠪᠣᠯᠪᠠᠰᠤᠷᠠᠯ ᠳᠤ ᠢᠲᠡᠭᠡᠯ ᠦᠨᠡᠮᠰᠢᠯ ᠦᠭᠡᠢ ᠪᠣᠯᠪᠠ ︖ ᠦᠨᠡᠨ ᠢ ᠬᠡᠯᠡᠵᠦ ᠵᠥᠪ ᠢ ᠵᠢᠭᠠᠵᠤ ᠰᠠᠢᠨ ᠢ ᠰᠤᠷᠭᠠᠬᠤ ᠵᠣᠷᠢᠯᠭ᠎ᠠ ᠲᠠᠢ ᠪᠣᠯᠪᠠᠰᠤᠷᠠᠯ ᠶᠡᠭᠠᠬᠢᠭᠠᠦᠠ ᠮᠣᠩᠭᠣᠯ ᠨᠤᠲᠤᠭ ᠲᠤ ᠪᠦᠲᠦᠯ ᠦᠭᠡᠢᠲᠡᠪᠡ ︖ ᠪᠣᠯᠪᠠᠰᠤᠷᠠᠯ ᠮᠤᠬᠤᠷ ᠰᠦᠰᠦᠭ ᠲᠦ ᠢᠯᠠᠭᠳᠠᠵᠠᠢ ᠭᠡᠮᠡᠷ ᠃
¨ ¨ ¨
ᠥᠨᠥᠳᠥᠷ ᠮᠣᠩᠭᠣᠯ ᠬᠥᠮᠥᠨ ᠤ ᠬᠠᠷ᠎ᠠ ᠲᠠᠮᠠᠬᠢ ᠪᠣᠯ ᠦᠨᠭᠭᠡᠷᠡᠭ᠍ᠰᠡᠠ ᠴᠡᠬ ᠪᠣᠯᠣᠭᠰᠠᠨ ᠭᠡᠮᠡᠷ᠃ ᠥᠭᠡᠷ᠎ᠡ ᠪᠡᠷ ᠬᠡᠯᠡᠪᠡᠯ ᠮᠣᠩᠭᠣᠯ ᠬᠥᠮᠥᠨ ᠤ ᠬᠠᠷ᠎ᠠ ᠲᠠᠮᠠᠬᠢ ᠪᠣᠯ ᠲᠡᠦᠬᠡ ᠃
¨ ¨ ¨
Enlightenment ᠭᠡᠰᠡᠨ ᠦᠭᠡ ᠶᠢ ᠰᠣᠶᠣᠨ ᠭᠡᠭᠡᠷᠡᠯ ᠭᠡᠵᠦ ᠣᠷᠴᠢᠭᠤᠯᠬᠤ ᠪᠣᠯᠣᠮᠵᠢ ᠲᠠᠢ ᠴᠤ ᠮᠡᠳᠡᠯᠭᠡ ᠶᠢᠨ ᠰᠣᠶᠣᠨ ᠭᠡᠭᠡᠷᠡᠯ ᠪᠠ ᠱᠠᠰᠢᠨ ᠤ ᠰᠣᠶᠣᠨ ᠭᠡᠭᠡᠷᠡᠯ ᠭᠡᠵᠦ ᠬᠣᠶᠠᠷ ᠲᠤᠰ ᠲᠤ ᠪᠠᠨ ᠭᠡᠳᠡᠭ ᠢ ᠦᠢᠯᠭᠠᠬᠤ ᠬᠡᠷᠡᠭ ᠲᠠᠢ᠃ ᠮᠡᠳᠡᠯᠭᠡ ᠶᠢᠨ ᠰᠠᠯᠪᠤᠷᠢ ᠳᠤ ᠪᠣᠯ ᠨᠡᠢᠭᠡᠮ ᠢᠶᠡᠨ ᠰᠣᠶᠣᠨ ᠭᠡᠭᠡᠷᠡᠭᠦᠯᠦᠭ᠍ᠰᠡᠨ ᠬᠥᠮᠥᠨ ᠢ ᠡᠭᠦᠨ ᠳᠤ ᠣᠢᠯᠠᠭᠠᠨ᠎ᠠ ᠃
¨ ¨ ¨
ᠠᠮᠧᠷᠢᠺᠠ ᠶᠢᠨ ᠰᠢᠳᠤᠷᠭᠤ ᠶᠣᠰᠣᠨ ᠤ ᠣᠨᠤᠯᠴᠢ ᠬᠡᠯᠡᠬᠦ ᠳᠦ ᠪᠡᠨ᠄《ᠰᠢᠳᠤᠷᠭᠤ ᠶᠣᠰᠣ ᠭᠡᠳᠡᠭ ᠪᠣᠯ ᠨᠢᠭᠡ ᠶᠣᠰᠣᠨ ᠳᠠᠭᠠᠨ ᠥᠭ᠍ᠭᠦᠭᠡ ᠠᠪᠤᠭ᠎ᠠ ᠬᠣᠶᠠᠷ ᠲᠡᠩᠴᠡᠬᠦ ᠶᠢ ᠬᠡᠯᠡᠨ᠎ᠡ 》ᠭᠡᠵᠡᠢ᠃ ᠠᠷᠠᠳᠴᠢᠯᠠᠯ ᠢ ᠨᠢ ᠠᠪᠤᠭᠠᠳ ᠬᠡᠷᠡᠭ᠍ᠵᠢᠭᠦᠯᠴᠢᠬᠡᠭ᠍ᠰᠡᠨ ᠶᠤᠮ ᠴᠢᠨᠢ ᠮᠣᠩᠭᠣᠯᠴᠤᠳ ᠣᠳᠤ ᠰᠢᠳᠤᠷᠭᠤ ᠶᠣᠰᠣ ᠶᠢ ᠨᠢ ᠠᠪᠤᠭᠠᠳ ᠬᠡᠷᠡᠭ᠍ᠵᠢᠭᠦᠯᠬᠦ ᠯᠡ ᠦᠯᠡᠳᠡᠵᠦ ᠳ᠋ᠠ᠃
¨ ¨ ¨
ᠪᠣᠯᠪᠠᠰᠤᠷᠠᠯ ᠭᠡᠳᠡᠭ ᠵᠦᠢᠯ ᠬᠥᠮᠦᠨ ᠲᠥᠷᠥᠯᠬᠢᠲᠡᠨ ᠤ ᠮᠡᠳᠡᠭᠡᠵᠢ ᠶᠢᠨ ᠵᠦᠢᠯ ᠨᠡᠢᠲᠡ ᠶᠢᠨ ᠬᠦᠷᠲᠡᠭᠡᠯ ᠪᠣᠯᠵᠤ ᠴᠢᠳᠠᠬᠤ ᠦᠭᠡᠢ ᠯᠡ ᠪᠡᠢᠨ᠎ᠡ᠃ ᠬᠡᠷᠪᠡ ᠢᠩᠭᠢᠵᠦ ᠴᠢᠳᠠᠪᠠᠯ ᠪᠢᠳᠡᠨ ᠤ ᠳᠡᠯᠡᠬᠡᠢ ᠶᠢᠷᠲᠢᠨᠴᠦ ᠣᠳᠤ ᠪᠠᠢᠭ᠎ᠠ ᠠᠴᠠ ᠪᠠᠨ ᠬᠡᠳᠦᠨ ᠬᠤᠪᠢ ᠢᠯᠡᠬᠦᠦ ᠪᠠᠢᠬᠤ ᠪᠠᠢᠭᠰᠠᠨ᠃ ᠬᠥᠮᠥᠰ ᠪᠣᠯᠪᠠᠰᠤᠷᠠᠯ ᠦᠭᠡᠢ ᠡᠴᠡ ᠪᠣᠯᠣᠭᠠᠳ ᠯᠡ ᠪᠤᠷᠤᠭᠤ ᠶᠠᠭᠤᠮᠠᠨ ᠳᠤ ᠦᠨᠡᠮᠰᠢᠭᠡᠳ᠂ ᠪᠤᠷᠤᠭᠤ ᠬᠥᠮᠥᠰ ᠢ ᠳᠠᠭᠠᠭᠠᠳ᠂ ᠪᠤᠷᠤᠭᠤ ᠤᠯᠤᠰ ᠲᠥᠷᠥ ᠶᠢ ᠳᠡᠮᠵᠢᠭᠡᠳ᠂ ᠪᠤᠷᠤᠭᠤ ᠱᠠᠰᠢᠨ᠂ ᠪᠤᠷᠤᠭᠤ ᠮᠤᠬᠤᠷ ᠰᠦᠰᠦᠭ ᠲᠦ ᠢᠲᠡᠭᠡᠭᠡᠳ ᠡᠨᠡ ᠨᠡᠢᠭᠡᠮ ᠳᠤ ᠡᠷᠭᠢᠭᠡᠳ ᠬᠣᠣᠷ ᠪᠣᠯᠣᠭᠠᠳ ᠪᠡᠢᠨ᠎ᠡ ᠃
¨ ¨ ¨
ᠪᠠᠭ᠌ᠰᠢ ᠭᠡᠳᠡᠭ ᠬᠥᠮᠦᠨ ᠲᠡᠨᠳᠡ ᠰᠤᠷᠴᠤ ᠪᠠᠢᠢᠭ᠎ᠠ ᠣᠶᠤᠲᠠᠳ ᠲᠤ ᠨᠤᠮᠴᠢᠷᠬᠠᠭᠠᠳ ᠵᠢᠭᠠᠭᠠᠳ ᠪᠠᠢᠬᠤ ᠨᠢ ᠭᠣᠣᠯ ᠪᠢᠰᠢ᠃ ᠲᠡᠷᠡ ᠬᠦᠮᠦᠨ ᠳ᠋ᠤ ᠶᠡᠮᠡᠷ ᠠᠪᠢᠶᠠᠰ ᠪᠡᠢᠨ᠎ᠡ᠂ ᠶᠠᠭᠤ ᠴᠢᠳᠠᠬᠤ ᠶᠤᠮ ᠂ ᠶᠡᠮᠡᠷ ᠰᠠᠯᠪᠤᠷᠢ ᠳᠤ ᠠᠮᠵᠢᠯᠲᠠ ᠭᠠᠷᠭᠠᠬᠤ ᠦᠦ ᠭᠡᠳᠡᠭ ᠢ ᠣᠯᠵᠤ ᠨᠡᠭᠡᠭᠡᠳᠡᠭ ᠪᠠᠢᠬᠤ ᠬᠡᠷᠡᠭ ᠲᠠᠢ᠃ ᠶᠡᠷᠦ ᠠᠴᠠ ᠪᠠᠨ ᠯᠡ ᠪᠡᠶ᠎ᠠ ᠳᠠᠭᠠᠭᠠᠭᠰᠠᠨ ᠬᠥᠮᠥᠨ ᠢ ᠪᠤᠢ ᠪᠣᠯᠭᠠᠬᠤ ᠬᠡᠷᠡᠭ ᠲᠠᠢ ᠃
¨ ¨ ¨
20 ᠵᠢᠯ ᠦᠨ ᠡᠮᠦᠨ᠎ᠡ ᠰ᠊᠂ ᠵᠤᠷᠢᠭ︵ ᠮᠣᠩᠭᠣᠯ ᠤᠯᠤᠰ ᠤᠨ ᠤᠯᠤᠰ ᠲᠥᠷᠥ ᠶᠢᠨ ᠲᠣᠭᠲᠠᠯᠴᠠᠭᠠᠨ ᠤ ᠰᠢᠨᠡᠴᠢᠯᠡᠯ ᠦᠨ ᠬᠣᠰᠢᠭᠤᠴᠢᠯᠠᠭ᠌ᠴᠢ ᠶᠢᠨ ᠨᠢᠭᠡ᠂1998 ᠣᠨ ᠳᠤ ᠪᠤᠰᠤᠳ ᠤᠨ ᠭᠠᠷ ᠲᠤ ᠠᠮᠢ ᠪᠠᠨ ᠠᠯᠳᠠᠵᠠᠢ︶ᠪᠢ ᠮᠣᠩᠭᠣᠯ ᠬᠥᠮᠥᠨ ᠤ ᠰᠡᠷᠡᠭᠤᠯ ᠤᠬᠠᠭᠠᠨ ᠳᠤ ᠢᠲᠡᠭᠡᠳᠡᠭ ᠭᠡᠵᠦ ᠬᠡᠯᠡᠭ᠍ᠰᠡᠨ ᠰᠠᠨᠠᠭᠳᠠᠨ᠎ᠠ᠃ ᠥᠨᠥᠳᠥᠷ ᠲᠡᠷᠡ ᠰᠡᠷᠡᠭᠤᠯ ᠤᠬᠠᠭᠠᠨ ᠳᠤ ᠢᠲᠡᠭᠡᠭᠡᠳ ᠣᠷᠬᠢᠬᠤ ᠪᠢᠰᠢ ᠬᠠᠷᠢᠨ ᠲᠡᠭᠦᠨ ᠢ ᠱᠠᠭᠠᠷᠳᠠᠵᠤ ᠪᠡᠢᠨ᠎ᠡ᠃ ᠪᠢ ᠮᠣᠩᠭᠣᠯ ᠬᠥᠮᠥᠨ ᠤ ᠰᠡᠷᠡᠭᠤᠯ ᠤᠬᠠᠭᠠᠨ ᠢ ᠱᠠᠭᠠᠷᠳᠠᠨ᠎ᠠ ᠃
¨ ¨ ¨
ᠨᠣᠮ ᠤᠩᠰᠢᠬᠤ ᠪᠦᠷᠢ ᠳᠡᠬᠡᠨ ᠪᠢᠳᠡᠨ ᠤ ᠲᠤᠬᠠᠶ᠂ ᠮᠢᠨᠦ ᠲᠤᠬᠠᠶ ᠪᠢᠴᠢᠵᠡᠢ ᠯᠡ ᠭᠡᠵᠦ ᠤᠩᠰᠢᠪᠠᠯ ᠨᠣᠮ ᠣᠢᠯᠠᠭᠠᠭᠰᠠᠨ ᠤ ᠲᠡᠮᠳᠡᠭ ᠃
¨ ¨ ¨
ᠮᠡᠳᠡᠯᠭᠡ ᠵᠥᠪᠬᠡᠨ ᠬᠦᠴᠦ ᠴᠢᠳᠡᠯ ᠪᠢᠰᠢ᠂ ᠪᠠᠰᠠ ᠬᠡᠵᠢᠶᠡᠳᠡ ᠵᠥᠪ ᠦᠨᠡᠨ ᠪᠠᠰᠠ ᠦᠨ᠎ᠡ ᠲᠠᠢ ᠃ ᠦᠨ᠎ᠡ ᠲᠠᠢ ᠮᠡᠳᠡᠯᠭᠡ ᠶᠢ ᠦᠨᠡᠯᠡᠵᠡᠭᠡᠶᠡ᠃
¨ ¨ ¨
ᠥᠨᠦ ᠶᠢᠨ ᠮᠣᠩᠭᠣᠯ ᠤᠨ ᠪᠦᠬᠦ ᠫᠷᠣᠪᠯᠸᠮ︵problems᠂ ᠠᠰᠠᠭᠤᠳᠠᠯ︶ᠮᠣᠩᠭᠣᠯ ᠤᠯᠤᠰ ᠤᠨ ᠶᠡᠭᠡ ᠰᠤᠷᠭᠠᠭᠤᠯᠢ ᠶᠢᠨ ᠬᠣᠶᠠᠳᠤᠭᠠᠷ ᠪᠠᠢᠷᠢᠨ ᠠᠴᠠ ᠡᠭᠦᠳᠦᠯᠲᠠᠢ ᠭᠡᠵᠦ ᠪᠢ ᠪᠣᠳᠤᠳᠠᠭ᠃ ᠡᠨᠡ ᠶᠡᠬᠡ ᠰᠤᠷᠭᠠᠭᠤᠯᠢ ᠶᠢᠨ ᠬᠣᠶᠠᠳᠤᠭᠠᠷ ᠪᠠᠢᠷᠢ ᠴᠢᠨᠢ ᠮᠣᠩᠭᠣᠯ ᠤᠨ ᠪᠦᠬᠦ ᠣᠶᠣᠨ ᠤᠬᠠᠭᠠᠨ᠂ ᠮᠡᠳᠡᠯᠭᠡ᠂ ᠪᠣᠯᠪᠠᠰᠤᠷᠠᠯ᠂ ᠤᠯᠤᠰ ᠲᠥᠷᠥ ᠭᠡᠳ ᠥᠨᠦ ᠶᠢᠨ ᠮᠣᠩᠭᠣᠯ ᠤᠨ ᠨᠡᠢᠭᠡᠮ ᠳᠤ ᠡᠭᠦᠰᠴᠦ ᠪᠤᠶ ᠪᠦᠬᠦ ᠠᠰᠠᠭᠤᠳᠠᠯ ᠤᠨ ᠬᠠᠷᠢᠭᠤ ᠶᠢ ᠥᠭ᠍ᠴᠦ ᠪᠠᠢᠬᠤ ᠶᠣᠰᠤᠲᠠᠶ ᠭᠠᠵᠠᠷ᠃ ᠭᠡᠲᠡᠯ᠎ᠡ ᠲᠡᠷᠡ ᠳᠣᠲᠣᠷ᠎ᠠ ᠬᠠᠷᠢᠭᠤ ᠦᠭ᠍ᠬᠦ ᠴᠢᠳᠠᠪᠤᠷᠢ ᠲᠠᠶ ᠬᠥᠮᠦᠨ ᠠᠯᠠᠭ᠎ᠠ᠃ ᠪᠦᠬᠦᠳᠠ ᠴᠢᠰᠤ ᠣᠢᠷᠠᠲᠤᠭᠠᠳ᠂ ᠥᠪᠡᠷ ᠥᠪᠡᠷ ᠤᠨ ᠢᠶᠠᠨ ᠱᠠᠪᠢ ᠨᠠᠷ ᠢ ᠬᠠᠵᠠᠭᠤ ᠳᠤ ᠪᠠᠨ ᠰᠠᠭᠤᠯᠭᠠᠭᠠᠳ᠂ ᠭᠠᠳᠠᠨ᠎ᠠ ᠠᠴᠠ ᠬᠥᠮᠦᠨ ᠣᠷᠣᠭᠤᠯᠳᠠᠭ ᠦᠭᠡᠢ᠃ ᠮᠠᠨ ᠤ ᠮᠣᠩᠭᠣᠯ ᠠᠭᠤᠤ᠂ ᠲᠡᠦᠬᠡ ᠠᠭᠤᠤ᠂ ᠬᠡᠯᠡ ᠠᠭᠤᠤ ᠭᠡᠵᠦ ᠬᠡᠢᠷᠬᠡᠭᠡᠳ ᠯᠡ ᠰᠠᠭᠤᠵᠤ ᠪᠠᠢᠳᠠᠭ᠃ ᠪᠠᠬᠠᠨ ᠠᠭᠤᠤ ᠶᠠᠭᠤᠮ᠎ᠠ ᠶᠠᠷᠢᠭᠠᠳ ᠯᠡ ᠪᠠᠢᠳᠠᠭ᠃ ᠬᠢᠭ᠍ᠰᠡᠨ᠂ ᠪᠢᠴᠢᠭ᠍ᠰᠡᠨ ᠶᠠᠭᠤᠮ᠎ᠠ ᠤᠬᠳᠦ ᠪᠠᠢᠬᠤ ᠦᠭᠡᠶ᠃ ᠹᠢᠯᠣᠰᠣᠹᠢᠴᠢ︵ᠭᠦᠨ ᠤᠬᠠᠭᠠᠨᠲᠠᠨ︶ᠪᠠᠢᠭ᠎ᠠ ᠪᠣᠯ ᠨᠣᠮ᠂ ᠣᠨᠤᠯ ᠪᠠᠢᠬᠤ ᠶᠣᠰᠤᠲᠠᠶ᠃ ᠲᠡᠷᠡ ᠶᠢ ᠴᠢᠨᠢ ᠤᠩᠰᠢᠶ᠎ᠠ ᠭᠡᠬᠦ ᠪᠡᠷ ᠶᠠᠭᠤ ᠴᠤ ᠪᠠᠢᠳᠠᠭ ᠦᠭᠡᠢ᠃ ᠬᠠᠵᠠᠭᠤ ᠪᠠᠷ ᠨᠢ ᠮᠤᠬᠤᠷ ᠰᠦᠰᠦᠭ᠂ ᠪᠥᠭᠡ ᠁ ᠳᠡᠮᠡᠢ ᠪᠠᠯᠠᠶ ᠶᠠᠭᠤᠮ᠎ᠠ ᠶᠠᠷᠢᠭᠠᠳ ᠡᠩ ᠤᠨ ᠢᠷᠭᠡᠳ ᠦᠨ ᠲᠠᠷᠢᠬᠢ ᠶᠢ ᠤᠬᠢᠶᠠᠭᠠᠳ ᠯᠡ ᠰᠠᠭᠤᠵᠤ ᠪᠠᠢᠳᠠᠭ᠃