ᠬᠥᠯ ᠪᠥᠮᠪᠥᠭᠡ ᠶᠢᠨ ᠰᠫᠣᠷᠲ ᠲᠤ ᠳᠤᠷᠠᠲᠠᠶ ᠂ ᠰᠫᠣᠷᠲ ᠤᠨ ᠳᠡᠳ᠋ ᠮᠠᠰᠲ᠋ᠧᠷ ᠴᠣᠯᠠ ᠲᠠᠢ 27 ᠨᠠᠰᠤᠲᠠᠢ ᠪ ∙ ᠸᠴᠢᠷᠪᠡᠨᠢ ᠭᠡᠬᠦ ᠵᠠᠯᠠᠭᠤ ᠥᠪᠡᠷ ᠤᠨ ᠮᠥᠷᠥᠭᠡᠳᠦᠯ ᠢᠶᠡᠨ ᠪᠡᠶᠡᠯᠡᠭᠦᠯᠵᠦ ᠂ ᠰᠢᠲᠦᠨ ᠪᠢᠰᠢᠷᠡᠳᠡᠭ 《 ᠮᠠᠨᠴᠧᠰᠲ᠌ᠷ ᠶᠤᠨᠠᠢᠲ᠋ᠧᠳ᠋ 》 ᠪᠠᠭ ᠤᠨ ᠢᠶᠠᠨ ᠲᠣᠭᠯᠠᠯᠲᠠ ᠶᠢ ᠦᠵᠡᠬᠦ ᠪᠡᠷ ᠮᠣᠩᠭᠣᠯ ᠠᠴᠠ ᠠᠩᠭ᠍ᠯᠢ ᠬᠦᠷᠲᠡᠯᠡᠬᠢ 12 ᠮᠢᠩᠭᠠᠨ ᠺᠢᠯᠣᠮᠧᠲᠷ ᠵᠠᠮ ᠢ ᠳᠤᠭᠤᠢ ᠪᠠᠷ ᠲᠤᠭᠤᠯᠤᠭᠰᠠᠨ ᠪᠠᠢᠳᠠᠭ ᠃ ᠲᠡᠭᠦᠨ ᠢ ᠡᠨᠡ ᠳᠤᠭᠤᠢ ᠶᠢᠨ ᠠᠶᠠᠯᠠᠯ ᠢᠶᠠᠷ ᠬᠡᠨ ᠪᠦᠬᠦᠨ ᠮᠡᠳᠡᠬᠦ ᠪᠣᠯᠣᠭᠰᠠᠨ ᠪᠢᠯᠡ ᠃
ᠲᠡᠭᠡᠪᠡᠯ ᠲᠡᠷᠡ 07 ᠰᠠᠷ᠎ᠠ ᠶᠢᠨ 21 ᠳᠦ ᠪᠦᠬᠦᠳᠠ ᠨᠠᠢᠷᠠᠮᠳᠠᠬᠤ ᠰᠣᠯᠤᠩᠭᠤᠰ ᠤᠯᠤᠰ ᠤᠨ ᠰᠸᠦ᠋ᠯ ᠠᠴᠠ ᠪᠤᠰᠠᠨ ᠬᠤᠳᠠ ᠬᠦᠷᠳᠡᠯ᠎ᠠ 610 ᠺᠢᠯᠣᠮᠧᠲᠷ ᠤᠨ ᠳᠥᠷᠪᠡᠨ ᠡᠳᠦᠷ ᠦᠨ ᠳᠤᠭᠤᠢ ᠶᠢᠨ ᠠᠶᠠᠯᠠᠯ ᠬᠢᠵᠤ᠂ ᠵᠣᠷᠢᠭ᠌ᠰᠠᠨ ᠳᠠᠭᠠᠨ ᠬᠦᠷᠴᠡᠢ ᠃ ᠪ ∙ ᠸᠴᠢᠷᠪᠡᠨᠢ ᠳᠤᠭᠤᠢ ᠶᠢᠨ ᠠᠶᠠᠯᠠᠯ ᠢᠶᠠᠨ ᠦᠷᠭᠦᠯᠵᠢᠯᠡᠭᠦᠯᠵᠦ᠂ ᠶᠠᠫᠤᠨ ᠤᠯᠤᠰ ᠢ ᠵᠣᠷᠢᠬᠤ ᠲᠥᠯᠥᠪᠯᠡᠭᠡ ᠲᠠᠢ ᠪᠠᠢᠭ᠎ᠠ ᠪᠠᠨ ᠴᠠᠬᠢᠮ ᠬᠠᠭᠤᠳᠠᠰᠤᠨ ᠳᠠᠭᠠᠨ ᠢᠯᠡᠷᠬᠡᠢᠯᠡᠪᠡ᠃