ᠮᠣᠩᠭᠣᠯ ᠰᠤᠷᠤᠭ᠌ᠴᠢᠳ 2024-2025 ᠣᠨ ᠤ ᠬᠢᠴᠢᠶᠡᠯ ᠦᠨ ᠵᠢᠯ ᠳᠤ ᠲᠣᠭᠠᠨ ᠤ ᠤᠬᠠᠭᠠᠨ ᠂ ᠹᠢᠽᠢᠻ ᠂ ᠬᠢᠮᠢ ᠂ ᠪᠢᠣᠯᠣᠭᠢ ᠂ ᠭᠠᠵᠠᠷ ᠵᠦᠶ ᠂ ᠮᠡᠳᠡᠭᠡᠯᠡᠯ ᠵᠦᠶ ᠂ ᠬᠢᠮᠡᠯ ᠣᠶᠣᠨ ᠤᠬᠠᠭᠠᠨ ᠂ ᠲᠧᠭ᠍ᠨᠢᠭ ᠲᠧᠻᠨᠣᠯᠣᠭᠢ ᠶᠢᠨ ᠵᠡᠷᠭᠡ 11 ᠴᠢᠭ᠍ᠯᠡᠯ ᠢᠶᠡᠷ ᠣᠯᠠᠨ ᠤᠯᠤᠰ ᠤᠨ ᠤᠯᠢᠮᠫᠢᠶᠡᠳ᠋ ᠲᠦ ᠤᠷᠦᠯᠴᠡᠬᠤ ᠠ᠋ᠷᠭᠡ ᠠᠪᠤᠭᠰᠠᠨ ᠢ ᠪᠣᠯᠪᠠᠰᠤᠷᠠᠯ ᠤᠨ ᠶᠡᠷᠦᠩᠬᠡᠶ ᠭᠠᠵᠠᠷ ᠠᠴᠠ ᠮᠡᠳᠡᠭᠡᠯᠡᠯ᠎ᠡ᠃
ᠲᠡᠭᠡᠪᠡᠯ ᠣᠨ ᠭᠠᠷᠤᠭᠠᠳ ᠮᠣᠩᠭᠣᠯ ᠬᠡᠦᠬᠡᠳ ᠦᠳ ᠭᠤᠷᠪᠠᠨ ᠤᠯᠢᠮᠫᠢᠶᠡᠳ᠋ ᠠᠴᠠ ᠮᠧᠳᠠᠯ ᠬᠦᠷᠲᠡᠭᠡᠳ ᠪᠡᠢᠨ᠎ᠡ᠃ ᠲᠤᠬᠠᠢᠯᠠᠪᠠᠯ ᠂ ᠡᠸᠦ᠋ᠷᠦᠫᠡ ᠶᠢᠨ ᠥᠬᠢᠳ ᠦᠨ ᠲᠣᠭᠠᠨ ᠤ ᠤᠬᠠᠭᠠᠨ ᠤ 14 ᠳ᠋ᠤᠭᠡᠷ ᠤᠯᠢᠮᠫᠢᠶᠡᠳ᠋ ᠲᠤ ᠮᠣᠩᠭᠣᠯ ᠠᠴᠠ ᠳᠥᠷᠪᠡᠨ ᠰᠤᠷᠤᠭ᠌ᠴᠢ ᠣᠷᠣᠯᠴᠠᠵᠤ ᠭᠤᠷᠪᠠᠨ ᠬᠦᠷᠡᠯ ᠮᠧᠳᠠᠯ᠂ ᠨᠢᠭᠡ ᠱᠠᠩᠨᠠᠯᠲᠤ ᠪᠠᠢᠷᠢᠨ ᠳᠤ ᠰᠢᠯᠭᠠᠷᠠᠵᠠᠢ᠃ ᠲᠠᠪᠤᠳᠤᠭᠠᠷ ᠰᠠᠷ᠎ᠠ ᠳᠤ ᠠᠽᠢᠶ᠎ᠠ ᠶᠢᠨ ᠹᠢᠽᠢᠺ ᠦᠨ ᠬᠣᠷᠢᠨ ᠲᠠᠪᠤᠳᠤᠭᠠᠷ ᠤᠯᠢᠮᠫᠢᠶᠡᠳ᠋ ᠲᠤ ᠮᠣᠩᠭᠣᠯ ᠠᠴᠠ ᠨᠠᠢ᠍ᠮᠠᠨ ᠰᠤᠷᠤᠭ᠌ᠴᠢ ᠣᠷᠣᠯᠴᠠᠵᠤ᠂ ᠨᠢᠭᠡ ᠮᠥᠩᠭᠥ᠂ ᠵᠢᠷᠭᠤᠭᠠᠨ ᠬᠦᠷᠡᠯ ᠮᠧᠳᠠᠯ᠂ ᠨᠢᠭᠡ ᠱᠠᠩᠨᠠᠯᠲᠤ ᠪᠠᠢᠷᠢᠨ ᠳᠤ ᠰᠢᠯᠭᠠᠷᠠᠭᠰᠠᠨ ᠪᠢᠯᠡ ᠃ ᠮᠥᠨ ᠪᠣᠯᠭᠠᠷᠢᠶ᠎ᠠ ᠤᠯᠤᠰ ᠲᠤ ᠪᠣᠯᠣᠭᠰᠠᠨ ᠡᠸᠦ᠋ᠷᠦᠫᠡ ᠶᠢᠨ ᠹᠢᠽᠢᠺ ᠦᠨ ᠶᠢᠰᠦᠳᠦᠭᠡᠷ ᠤᠯᠢᠮᠫᠢᠶᠡᠳ᠋ ᠲᠦ ᠮᠣᠩᠭᠣᠯ ᠠᠴᠠ ᠲᠠᠪᠤᠨ ᠰᠤᠷᠤᠭ᠌ᠴᠢ ᠣᠷᠣᠯᠴᠠᠵᠤ ᠨᠢᠭᠡ ᠮᠥᠩᠭᠥᠨ ᠮᠧᠳᠠᠯ᠂ ᠨᠢᠭᠡ ᠱᠠᠩᠨᠠᠯᠲᠤ ᠪᠠᠢᠷᠢ ᠠᠪᠤᠭᠰᠠᠨ ᠢᠶᠠᠷ ᠣᠯᠠᠨ ᠤᠯᠤᠰ ᠤᠨ ᠹᠢᠽᠢᠺ ᠦᠨ ᠤᠯᠢᠮᠫᠢᠶᠡᠳ᠋ ᠠᠴᠠ ᠮᠣᠩᠭᠣᠯ ᠤᠯᠤᠰ ᠲᠡᠦᠬᠡᠨ ᠳᠡᠬᠡᠨ ᠠᠩᠬ᠎ᠠ ᠤᠳᠠᠭ᠎ᠠ ᠮᠥᠩᠭᠥᠨ ᠮᠧᠳᠠᠯ ᠬᠦᠷᠲᠡᠭ᠍ᠰᠡᠨ ᠪᠢᠯᠡ ᠃