ᠭᠠᠢᠯᠢ ᠶᠢᠨ ᠶᠡᠷᠦᠩᠬᠡᠶ ᠭᠠᠵᠠᠷ ᠠᠴᠠ 2025 ᠣᠨ ᠤ ᠡᠬᠢᠨ ᠤ ᠲᠠᠪᠤᠨ ᠰᠠᠷ᠎ᠠ ᠶᠢᠨ ᠪᠠᠢᠳᠠᠯ ᠢᠶᠠᠷ ᠬᠦᠨᠡᠰᠦᠨ ᠤ ᠭᠣᠣᠯ ᠨᠡᠷ᠎ᠡ ᠶᠢᠨ ᠪᠦᠲᠦᠭᠡᠭ᠍ᠳᠡᠬᠦᠨ ᠤ ᠢᠮᠫᠣᠷᠲ ᠤᠨ ᠮᠡᠳᠡᠭᠡ ᠶᠢ ᠬᠦᠷᠭᠡᠵᠦ ᠪᠡᠢᠨ᠎ᠡ᠃ ᠢᠮᠫᠣᠷᠲ ᠢᠶᠠᠷ ᠨᠡᠢᠲᠡ 4540.1ᠰᠠᠶ᠎ᠠ ᠳ᠋ᠣᠯᠯᠠᠷ ᠤᠨ ᠪᠠᠷᠠᠭ᠎ᠠ᠂ ᠲᠦᠭᠦᠬᠡᠢ ᠡᠳ᠋ ᠣᠷᠣᠭᠤᠯᠤᠭᠰᠠᠨ ᠨᠢ 2024 ᠣᠨ ᠤ ᠮᠥᠨ ᠦᠶ᠎ᠡ ᠡᠴᠡ 144.9 ᠰᠠᠶ᠎ᠠ ᠳ᠋ᠣᠯᠯᠠᠷ ᠪᠤᠶᠤ 3.3 ᠬᠤᠪᠢ ᠪᠠᠷ ᠥᠰᠦᠭ᠍ᠰᠡᠨ ᠪᠡᠢᠨ᠎ᠡ ᠃
ᠢᠮᠫᠣᠷᠲ ᠢᠶᠠᠷ ᠨᠡᠢᠯᠡᠭᠦᠯᠦᠭ᠍ᠳᠡᠭ᠍ᠰᠡᠨ ᠬᠦᠨᠡᠰᠦᠨ ᠤ ᠭᠣᠣᠯ ᠨᠡᠷ᠎ᠡ ᠶᠢᠨ ᠪᠠᠷᠠᠭ᠎ᠠ ᠪᠦᠲᠦᠭᠡᠭ᠍ᠳᠡᠬᠦᠨ ᠢ ᠲᠠᠨᠢᠯᠴᠠᠭᠤᠯᠪᠠᠯ 59.6 ᠰᠠᠶ᠎ᠠ ᠰᠢᠷᠭᠡᠭ ᠥᠨᠳᠡᠭᠡ᠂ 3.0 ᠮᠢᠩᠭᠠᠨ ᠲᠣᠨ ᠥᠳᠬᠡᠷᠡᠭᠦᠯᠦᠭ᠍ᠰᠡᠨ ᠪᠣᠯᠤᠨ ᠬᠠᠭᠤᠷᠠᠢ ᠰᠦᠨ᠂ 24.3 ᠮᠢᠩᠭᠠᠨ ᠲᠣᠨ ᠵᠢᠮᠢᠰ ᠂ 14.3 ᠮᠢᠩᠭᠠᠨ ᠲᠣᠨ ᠴᠡᠭᠠᠠ ᠪᠤᠳᠠᠭ᠎ᠠ ᠬᠤᠳᠠᠯᠳᠤᠨ ᠠᠪᠴᠠᠢ᠃