ᠦᠨᠳᠦᠰᠦᠨ ᠤ ᠪᠢᠴᠢᠭ ᠤᠨ《ᠲᠦᠭᠡᠭᠡᠭ᠍ᠴᠢ᠂ ᠲᠡᠭᠡᠭᠡᠭ᠍ᠴᠢ》ᠤᠯᠤᠰ ᠤᠨ ᠤᠷᠤᠯᠳᠤᠭᠠᠨ ᠪᠣᠯᠪᠠ | News.MN

ᠦᠨᠳᠦᠰᠦᠨ ᠤ ᠪᠢᠴᠢᠭ ᠤᠨ《ᠲᠦᠭᠡᠭᠡᠭ᠍ᠴᠢ᠂ ᠲᠡᠭᠡᠭᠡᠭ᠍ᠴᠢ》ᠤᠯᠤᠰ ᠤᠨ ᠤᠷᠤᠯᠳᠤᠭᠠᠨ ᠪᠣᠯᠪᠠ

ᠵᠢᠯ ᠪᠦᠷᠢ ᠤᠯᠤᠰ ᠣᠷᠣᠨ ᠳᠠᠶᠠᠭᠠᠷ ᠵᠣᠬᠢᠶᠠᠨ ᠪᠠᠢᠭᠤᠯᠳᠠᠭ ᠦᠨᠳᠦᠰᠦᠨ ᠤ ᠪᠢᠴᠢᠭ ᠤᠨ《ᠲᠦᠭᠡᠭᠡᠭ᠍ᠴᠢ᠂ ᠲᠡᠭᠡᠭᠡᠭ᠍ᠴᠢ》 ᠠᠩᠭᠢ ᠨᠡᠢᠲᠡ ᠶᠢᠨ ᠤᠯᠤᠰ ᠤᠨ ᠤᠷᠤᠯᠳᠤᠭᠠᠨ ᠳᠤ ᠣᠪᠰᠣ ᠠᠢᠮᠠᠭ ᠤᠨ ᠤᠯᠠᠭᠠᠩᠭᠣᠮ ᠰᠤᠮᠤ ᠶᠢᠨ ᠶᠡᠷᠦᠩᠬᠡᠢ ᠪᠣᠯᠪᠠᠰᠤᠷᠠᠯ ᠤᠨ 6 ᠳ᠋ᠤᠭᠠᠷ ᠰᠤᠷᠭᠠᠭᠤᠯᠢ ᠶᠢᠨ ᠪ ∙ ᠳᠠᠸᠠᠰᠠᠩᠪᠤᠤ ᠪᠠᠭ᠌ᠰᠢ ᠲᠠᠢ 6᠎ G ᠠᠩᠭᠢ ᠶᠢᠨ ᠬᠢᠨ ᠤᠯᠤᠰ ᠲᠤ ᠲᠡᠷᠢᠭᠦᠯᠡᠭ᠍ᠰᠡᠨ ᠪᠡᠢᠨ᠎ᠡ ᠃ ᠲᠤᠰ ᠠᠩᠭᠢ ᠶᠢ ᠮᠣᠩᠭᠣᠯ ᠬᠡᠯᠡ ᠪᠢᠴᠢᠭ ᠤᠨ ᠪᠠᠭ᠌ᠰᠢ ᠰ ᠎∙ ᠮᠥᠩᠬᠡᠵᠢᠷᠭᠠᠯ ᠪᠡᠯᠡᠳᠬᠡᠵᠡᠢ᠃ 31 ᠬᠡᠦᠬᠡᠳ ᠣᠷᠣᠯᠴᠠᠭᠰᠠᠨ ᠠᠴᠠ ᠨᠢᠭᠡ ᠨᠢ ᠰ ᠎∙ ᠮᠥᠩᠬᠡᠵᠢᠷᠭᠠᠯ ᠪᠠᠭ᠌ᠰᠢ ᠶᠢᠨ  ᠬᠦᠦ ᠪᠥᠭᠡᠳ ᠲᠡᠷᠡ ᠪᠡᠷ 5 ᠳ᠋ᠤᠭᠠᠷ  ᠠᠩᠭᠢ ᠳᠤ ᠰᠤᠷᠳᠠᠭ ᠃

《ᠦᠨᠳᠦᠰᠦᠨ ᠤ ᠪᠢᠴᠢᠭ ᠤᠨ ᠤᠯᠢᠮᠫᠢᠶᠡᠳ᠋ ᠂ ᠤᠷᠤᠯᠳᠤᠭᠠᠨ ᠳᠤ ᠭᠠᠭᠴᠠ ᠬᠣᠶᠠᠷ ᠬᠡᠦᠬᠡᠳ ᠪᠡᠯᠡᠳᠬᠡᠬᠦ ᠠᠴᠠ ᠪᠠᠨ ᠢᠯᠡᠭᠦᠦ ᠲᠠᠢ ᠬᠡᠦᠬᠡᠳ ᠨᠢᠭᠡ ᠪᠦᠷᠢ ᠶᠢ ᠪᠤᠶᠤ ᠠᠩᠭᠢ ᠨᠡᠢᠲᠡ ᠪᠠᠷ ᠨᠢ ᠪᠡᠯᠡᠳᠬᠡᠵᠦ ᠣᠷᠣᠯᠴᠠᠬᠤ ᠶᠢ ᠭᠣᠣᠯ ᠵᠣᠷᠢᠯᠭ᠎ᠠ ᠪᠠᠨ ᠪᠣᠯᠭᠠᠳᠠᠭ ᠃ ᠡᠨᠡ ᠵᠢᠯ ᠦᠨ ᠤᠯᠤᠰ ᠤᠨ ᠤᠷᠤᠯᠳᠤᠭᠠᠨ ᠤ ᠡᠬᠢᠨ ᠤ ᠳᠠᠪᠠᠭᠠᠨ ᠳᠤ ᠰᠤᠷᠭᠠᠭᠤᠯᠢ ᠶᠢᠨ ᠢᠶᠠᠨ ᠭᠤᠷᠪᠠᠨ ᠠᠩᠭᠢ ᠶᠢ ᠪᠡᠯᠡᠳᠬᠡᠵᠦ ᠣᠷᠣᠯᠴᠠᠭᠠᠳ ᠠᠢᠮᠠᠭ ᠲᠤ  ᠲᠡᠷᠢᠭᠦᠯᠡᠭ᠍ᠰᠡᠨ᠃ ᠳᠠᠷᠠᠭ᠎ᠠ ᠶᠢᠨ ᠱᠠᠲᠤ ᠪᠤᠶᠤ ᠤᠯᠤᠰ ᠤᠨ ᠤᠷᠤᠯᠳᠤᠭᠠᠨ ᠳᠤ 6᠎ G ᠠᠩᠭᠢ ᠮᠠᠨᠢ ᠤᠯᠤᠰ ᠲᠤ ᠲᠡᠷᠢᠭᠦᠯᠡᠯ᠎ᠡ ᠃ ᠦᠨᠭᠭᠡᠷᠡᠭ᠍ᠰᠡᠠ ᠵᠢᠯ 9᠎  G ᠠᠩᠭᠢ ᠶᠢ ᠪᠡᠯᠡᠳᠬᠡᠵᠦ ᠂ ᠤᠯᠤᠰ ᠲᠤ ᠬᠣᠶᠠᠳᠤᠭᠠᠷ ᠪᠠᠢᠢᠷᠢ ᠡᠵᠡᠯᠡᠭ᠍ᠰᠡᠨ 》ᠬᠡᠮᠡᠨ ᠰ ᠎∙ ᠮᠥᠩᠬᠡᠵᠢᠷᠭᠠᠯ  ᠪᠠᠭ᠌ᠰᠢ ᠶᠠᠷᠢᠯ᠎ᠠ ᠃

ᠰᠡᠳᠬᠢᠭᠳᠡᠯ ᠦᠯᠡᠳᠡᠭᠡᠬᠦ