ᠨᠣᠶᠠᠨ ᠬᠤᠲᠤᠭᠲᠤ ᠶᠢᠨ ᠮᠡᠨᠳᠦᠯᠡᠭ᠍ᠰᠡᠨ ᠤ ᠣᠢ ᠳᠤ ᠵᠣᠷᠢᠭᠤᠯᠵᠤ 222 ᠮᠤᠷᠢᠨ ᠬᠤᠭᠤᠷ ᠤᠷᠠᠯᠠᠵᠠᠢ | News.MN

ᠨᠣᠶᠠᠨ ᠬᠤᠲᠤᠭᠲᠤ ᠶᠢᠨ ᠮᠡᠨᠳᠦᠯᠡᠭ᠍ᠰᠡᠨ ᠤ ᠣᠢ ᠳᠤ ᠵᠣᠷᠢᠭᠤᠯᠵᠤ 222 ᠮᠤᠷᠢᠨ ᠬᠤᠭᠤᠷ ᠤᠷᠠᠯᠠᠵᠠᠢ

ᠭᠣᠪᠢ ᠶᠢᠨ ᠲᠠᠪᠤᠳᠤᠭᠠᠷ ᠳᠦᠷᠢ ᠶᠢᠨ ᠨᠣᠶᠠᠨ ᠬᠤᠲᠤᠭᠲᠤ ᠯᠤᠪᠰᠠᠩᠳᠠᠨᠽᠠᠨᠷᠠᠪᠵᠠᠢ ᠶᠢᠨ ᠮᠡᠨᠳᠦᠯᠡᠭ᠍ᠰᠡᠨ ᠤ 222 ᠵᠢᠯ ᠦᠨ ᠣᠢ ᠶᠢ ᠲᠣᠬᠢᠶᠠᠯᠳᠤᠭᠤᠯᠤᠨ ᠳᠣᠷᠤᠨᠠᠭᠣᠪᠢ ᠠᠢᠮᠠᠭ ᠲᠤ ᠦᠢᠯᠡ ᠠᠵᠢᠯᠯᠠᠭ᠎ᠠ ᠶᠠᠪᠤᠭᠤᠯᠳᠠᠭ《ᠡᠭᠡᠰᠢᠭ᠍ᠯᠡᠩ  ᠢᠨᠲ᠋ᠧᠷᠲ᠋ᠧᠢᠮᠧᠨᠲ》ᠺᠣᠮᠫᠠᠨᠢ ᠲᠤᠰᠬᠠᠢ ᠵᠠᠭᠪᠤᠷ ᠤᠨ 222 ᠮᠤᠷᠢᠨ ᠬᠤᠭᠤᠷ ᠬᠤᠳᠠᠯᠳᠤᠭᠠᠨ ᠳᠤ ᠭᠠᠷᠭᠠᠬᠤ ᠰᠠᠨᠠᠭᠠᠴᠢᠯᠠᠭ᠎ᠠ ᠭᠠᠷᠭᠠᠵᠤ ᠠᠵᠢᠯ ᠬᠡᠷᠡᠭ ᠪᠣᠯᠭᠠᠵᠠᠢ᠃ ᠮᠤᠷᠢᠨ ᠬᠤᠭᠤᠷ ᠤᠨ ᠬᠡᠯᠪᠡᠷᠢ ᠬᠢᠴᠡ᠂ ᠳ᠋ᠢᠽᠠᠢᠨ ᠢ ᠵᠢᠷᠤᠭᠠᠴᠢ ᠳ᠎· ᠭᠠᠩᠫᠥ᠋ᠷᠪᠦ ᠭᠠᠷᠭᠠᠭᠰᠠᠨ ᠪᠣᠯ ᠬᠤᠭᠤᠷ ᠢ ᠤᠷᠠᠯᠠᠭᠠᠴᠢ ᠳ᠎· ᠳᠠᠸᠠᠵᠠᠪ ᠤᠷᠠᠯᠠᠵᠠᠢ ᠃

ᠮᠤᠷᠢᠨ ᠬᠤᠭᠤᠷ ᠬᠤᠳᠠᠯᠳᠤᠵᠤ ᠠᠪᠤᠭᠰᠠᠨ ᠬᠥᠮᠥᠰ ᠲᠤ ᠲᠤᠰᠬᠠᠶ ᠭᠡᠷᠡᠴᠢᠯᠡᠭᠡ ᠳᠠᠭᠠᠯᠳᠤᠵᠦ ᠣᠴᠢᠬᠤ ᠪᠥᠭᠡᠳ ᠭᠡᠷᠡᠴᠢᠯᠡᠭᠡ ᠶᠢᠨ ᠳᠡᠭᠡᠷ᠎ᠡ ᠬᠤᠭᠤᠷ ᠤᠨ ᠣᠨᠴᠠᠯᠢᠭ᠂ ᠤᠳᠬ᠎ᠠ ᠠᠭᠤᠯᠭ᠎ᠠ ᠪᠦᠬᠦᠢ ᠱᠠᠭᠠᠷᠳᠠᠯᠭ᠎ᠠ ᠲᠠᠢ ᠮᠡᠳᠡᠭᠡᠯᠡᠯ ᠢ ᠰᠠᠢᠨᠱᠠᠩᠳᠠ ᠰᠤᠮᠤ ᠶᠢᠨ ᠶᠡᠷᠦᠩᠬᠡᠶ ᠪᠣᠯᠪᠠᠰᠤᠷᠠᠯ ᠤᠨ  ᠲᠠᠪᠤᠳᠤᠭᠠᠷ ᠰᠤᠷᠭᠠᠭᠤᠯᠢ ᠶᠢᠨ ᠮᠣᠩᠭᠣᠯ ᠬᠡᠯᠡ ᠤᠷᠠᠨ ᠵᠣᠬᠢᠶᠠᠯ ᠤᠨ ᠪᠠᠭ᠌ᠰᠢ ᠡ᠊᠎· ᠬᠠᠨᠳᠠᠰᠦᠷᠥᠩ ᠮᠣᠩᠭᠣᠯ ᠪᠢᠴᠢᠭ ᠢᠶᠡᠷ ᠤᠷᠠᠨ ᠪᠢᠴᠢᠯᠭᠡ ᠶᠢᠨ ᠥᠩᠭᠡ ᠠᠶᠠᠰ  ᠣᠷᠣᠭᠤᠯᠤᠨ ᠪᠢᠴᠢᠭ᠍ᠰᠡᠨ ᠪᠡᠢᠨ᠎ᠡ ᠃

ᠬᠤᠭᠤᠷ ᠢ ᠨᠣᠶᠠᠨ ᠭᠡᠭᠡᠨᠲᠡᠨ ᠤ ᠤᠨᠤᠵᠤ᠂ ᠡᠳ᠋ᠯᠡᠵᠦ ᠪᠠᠢᠭᠰᠠᠨ ᠬᠡᠭᠡᠷ᠎ᠡ ᠮᠣᠷᠢ ᠶᠢ ᠵᠢᠰᠦᠯᠡᠵᠦ᠂ ᠲᠡᠭᠡᠳᠦ ᠬᠡᠰᠡᠭ ᠲᠤ ᠪᠠᠨ ᠭᠤᠤ ᠳᠣᠲᠣᠷ᠎ᠠ ᠬᠠᠭᠠᠰ ᠲᠣᠪᠤᠭᠤᠷ ᠬᠡᠯᠪᠡᠷᠢ ᠪᠡᠷ ᠰᠢᠳᠦᠭᠡᠠ ᠪᠠᠷᠢᠮᠠᠯ ᠢ ᠲᠣᠪᠣᠢᠯᠭᠠᠨ ᠤᠷᠠᠯᠠᠵᠤ ᠂ ᠳᠡᠭᠡᠷ᠎ᠡ ᠨᠢ ᠨᠣᠭᠤᠭᠠᠨ ᠳ᠋ᠠᠷ᠎ᠠ ᠡᠬᠡ ᠶ᠋ᠢ ᠵᠠᠯᠠᠵᠤ ᠂  ᠪᠠᠳᠮᠠᠯᠢᠩᠬᠸ᠎ᠠ ᠴᠡᠴᠡᠭ ᠢᠶᠡᠷ ᠰᠢᠭᠢᠳᠬᠡᠨ ᠤᠷᠠᠯᠠᠵᠠᠢ ᠃

ᠰᠡᠳᠬᠢᠭᠳᠡᠯ ᠦᠯᠡᠳᠡᠭᠡᠬᠦ