ᠮᠣᠩᠭᠣᠯ ᠴᠡᠷᠢᠭ ᠤᠳ ᠶᠠᠫᠤᠨ᠂ ᠡᠮᠦᠨᠡᠳᠦ ᠰᠣᠯᠣᠩᠭᠣᠰ ᠲᠤ ᠢᠨᠵᠧᠨᠧᠷ ᠦᠨ ᠰᠤᠷᠭᠠᠯᠲᠠ ᠳᠤ ᠰᠠᠭᠤᠨ᠎ᠠ | News.MN

ᠮᠣᠩᠭᠣᠯ ᠴᠡᠷᠢᠭ ᠤᠳ ᠶᠠᠫᠤᠨ᠂ ᠡᠮᠦᠨᠡᠳᠦ ᠰᠣᠯᠣᠩᠭᠣᠰ ᠲᠤ ᠢᠨᠵᠧᠨᠧᠷ ᠦᠨ ᠰᠤᠷᠭᠠᠯᠲᠠ ᠳᠤ ᠰᠠᠭᠤᠨ᠎ᠠ

ᠮᠠᠨ ᠤ ᠤᠯᠤᠰ ᠡᠨᠡ ᠵᠢᠯ ᠶᠠᠫᠣᠨ ᠤ ᠥᠪᠡᠷ ᠢ ᠪᠠᠨ ᠬᠠᠮᠡᠭᠠᠯᠡᠬᠤ ᠬᠦᠴᠦᠨ ᠲᠠᠢ ᠬᠠᠮᠲᠤᠷᠠᠭᠰᠠᠨ《ᠵᠡᠮ》ᠰᠤᠷᠭᠠᠯᠲᠠ ᠶᠢ 11 ᠳ᠋ᠡᠬᠢ ᠵᠢᠯ ᠳᠤ ᠪᠠᠨ᠂ ᠡᠮᠦᠨᠡᠳᠦ ᠰᠣᠯᠤᠩᠭᠤᠰ ᠤᠨ ᠵᠡᠪᠰᠡᠭ᠍ᠲᠦ ᠬᠦᠴᠦᠨ ᠲᠠᠢ ᠢᠨᠵᠧᠨᠧᠷ ᠦᠨ ᠴᠡᠷᠢᠭ ᠤᠨ ᠬᠠᠮᠲᠤᠷᠠᠭᠰᠠᠨ ᠰᠤᠷᠭᠠᠯᠲᠠ ᠶᠢ ᠠᠩᠬ᠎ᠠ ᠤᠳᠠᠭ᠎ᠠ ᠵᠣᠬᠢᠶᠠᠨ ᠪᠡᠢᠭᠤᠯᠬᠤ ᠭᠡᠵᠦ ᠪᠠᠢᠭ᠎ᠠ ᠶᠢ ᠮᠣᠩᠭᠣᠯ ᠤᠯᠤᠰ ᠤᠨ ᠵᠡᠪᠰᠡᠭ᠍ᠲᠦ ᠬᠦᠴᠦᠨ ᠤ ᠵᠠᠩᠵᠤᠨ ᠱᠲ᠋ᠠᠪ ᠤᠨ ᠬᠠᠷᠢᠶ᠎ᠠ ᠬᠠᠭᠤᠷᠠᠢ ᠵᠠᠮ ᠤᠨ ᠴᠡᠷᠢᠭ ᠤᠨ ᠺᠣᠮᠠᠨ᠋ᠳ᠋ᠯᠠᠯ ᠤᠨ ᠳᠡᠷᠭᠡᠳᠡᠬᠢ《ᠬᠠᠭᠤᠷᠠᠢ ᠵᠠᠮ ᠤᠨ ᠴᠡᠷᠢᠭ》ᠰᠣᠨᠢᠨ ᠮᠡᠳᠡᠭᠡᠯᠡᠯ᠎ᠡ᠃

ᠡᠮᠦᠨᠡᠳᠦ ᠰᠣᠯᠣᠩᠭᠣᠰ ᠲᠤ ᠪᠣᠯᠬᠤ ᠰᠤᠷᠭᠠᠯᠲᠠ ᠳᠤ ᠮᠠᠨ ᠤ ᠤᠯᠤᠰ ᠠᠴᠠ ᠶᠢᠰᠦᠨ ᠠᠯᠪᠠ ᠬᠠᠭᠠᠭ᠌ᠴᠢ ᠬᠠᠮᠤᠷᠤᠭᠳᠠᠵᠤ᠂ ᠲᠠᠺᠲ᠋ᠢᠺ ᠤᠨ ᠵᠡᠮ ᠪᠤᠯᠦᠠ ᠬᠠᠷᠠᠭᠤᠯ ᠤᠨ ᠪᠠᠢᠭᠤᠯᠤᠮᠵᠢ ᠪᠡᠢᠭᠤᠯᠬᠤ᠂ ᠭᠦᠨ ᠤ ᠬᠤᠳᠳᠤᠭ ᠥᠷᠥᠮᠳᠡᠬᠦ ᠠᠷᠭ᠎ᠠ ᠲᠧᠭ᠍ᠨᠢᠭ ᠠᠴᠠ ᠰᠤᠷᠤᠯᠴᠠᠨ᠎ᠠ᠃ ᠬᠠᠷᠢᠨ ᠶᠠᠫᠤᠨ ᠤᠯᠤᠰ ᠲᠤ 40 ᠬᠣᠨᠤᠭ ᠦᠷᠬᠦᠯᠵᠢᠯᠡᠬᠦ《ᠵᠡᠮ》ᠰᠤᠷᠭᠠᠯᠲᠠ ᠶᠢᠨ ᠡᠬᠢᠨ ᠤ ᠱᠠᠲᠤᠨ ᠳᠤ 10 ᠭᠠᠷᠦᠢ ᠠᠯᠪᠠ ᠬᠠᠭᠠᠭ᠌ᠴᠢ ᠣᠷᠣᠯᠴᠠᠬᠤ ᠪᠠᠷ ᠤᠳᠠᠬᠤ ᠦᠭᠡᠢ ᠡᠬᠡ ᠣᠷᠣᠨ ᠠᠴᠠ ᠪᠠᠨ ᠮᠣᠷᠳᠠᠬᠤ ᠭᠡᠵᠦ ᠪᠡᠢᠨ᠎ᠡ᠃

ᠰᠡᠳᠬᠢᠭᠳᠡᠯ ᠦᠯᠡᠳᠡᠭᠡᠬᠦ