ᠮᠣᠩᠭᠣᠯ ᠤᠯᠤᠰ ᠳᠡᠯᠡᠬᠡᠢ ᠳᠤ ᠬᠥᠮᠥᠨ ᠤ ᠬᠥᠭ᠍ᠵᠢᠯ ᠤᠨ ᠢᠨᠳ᠋ᠸᠺᠰ ᠢᠶᠡᠷ 104ᠳ᠋ᠤᠭᠡᠷ ᠲᠦ ᠵᠢᠭ᠌ᠰᠠᠵᠠᠢ | News.MN

ᠮᠣᠩᠭᠣᠯ ᠤᠯᠤᠰ ᠳᠡᠯᠡᠬᠡᠢ ᠳᠤ ᠬᠥᠮᠥᠨ ᠤ ᠬᠥᠭ᠍ᠵᠢᠯ ᠤᠨ ᠢᠨᠳ᠋ᠸᠺᠰ ᠢᠶᠡᠷ 104ᠳ᠋ᠤᠭᠡᠷ ᠲᠦ ᠵᠢᠭ᠌ᠰᠠᠵᠠᠢ

ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠬᠥᠭ᠍ᠵᠢᠯ ᠤᠨ ᠬᠥᠲᠥᠯᠪᠦᠷᠢ ᠵᠢᠷᠭᠤᠭᠠᠨ ‍ᠣ ᠡᠳᠦᠷ ᠳᠡᠯᠡᠬᠡᠢ ᠶᠢᠨ ᠤᠯᠤᠰ ᠣᠷᠣᠨ ᠨᠤᠭᠤᠳ ᠤᠨ 2025 ᠣᠨ ᠤ ᠬᠥᠮᠥᠨ ᠤ ᠬᠥᠭ᠍ᠵᠢᠯ ᠤᠨ ᠲᠠᠢᠯᠤᠨ ᠢ ᠨᠡᠢᠲᠡᠯᠡᠵᠡᠢ᠃ ᠤᠭ ᠲᠠᠢᠯᠤᠨ ᠳᠤ ᠨᠡᠢᠲᠡ 193 ᠣᠷᠣᠨ ᠬᠠᠮᠤᠷᠤᠭᠳᠠᠭᠰᠠᠨ ᠪᠥᠭᠡᠳ ᠠᠢᠰᠯᠠᠨᠳ᠋ ᠤᠯᠤᠰ 0.972 ᠤᠨᠤᠭ᠎ᠠ ᠪᠠᠷ ᠨᠢᠭᠡᠳᠦᠭᠡᠷ ᠲᠤ ᠵᠢᠭ᠌ᠰᠠᠭᠰᠠᠨ ᠪᠡᠢᠨ᠎ᠡ᠃ ᠤᠳᠠᠭᠠᠬᠢ ᠪᠠᠢᠷᠢᠨ ᠳᠤ ᠨᠤᠷᠸᠡᠢ᠂ ᠰᠸᠢᠰ᠂ ᠳ᠋ᠠᠨᠮᠠᠷᠺ᠂ ᠭᠸᠷᠮᠡᠠ᠂ ᠰᠸᠸᠳ᠋ᠸᠠ᠂ ᠠᠦ᠋ᠰᠲᠷᠠᠯᠢᠶ᠎ᠠ᠂ ᠬᠤᠩᠺᠤᠩ᠂ ᠬᠤᠯᠯᠠᠨᠳ᠋᠂ ᠪᠸᠯᠬᠢ ᠵᠡᠷᠭᠡ ᠣᠷᠣᠨ ᠨᠤᠭᠤᠳ ᠣᠷᠣᠵᠠᠢ᠃ ᠬᠠᠷᠢᠨ ᠮᠠᠨ ᠤ ᠣᠷᠣᠨ ᠬᠥᠮᠥᠨ ᠤ ᠬᠥᠭ᠍ᠵᠢᠯ ᠤᠨ ᠦᠵᠡᠭᠦᠯᠦᠯᠲᠡ ᠪᠡᠷ ᠢᠶᠡᠨ 193 ᠣᠷᠣᠨ ᠠᠴᠠ 104 ᠳ᠋ᠤᠭᠡᠷ  ᠲᠦ ᠵᠢᠭ᠌ᠰᠠᠭᠰᠠᠨ ᠪᠣᠯ ᠣᠷᠣᠰ 64 ᠳ᠋ᠤᠭᠡᠷ ᠲᠦ᠂ ᠬᠢᠲᠠᠳ 78 ᠳ᠋ᠤᠭᠠᠷ ᠲᠤ ᠣᠷᠣᠵᠠᠢ ᠃

ᠲᠠᠢᠯᠤᠨ ᠳᠤ ᠳᠤᠷᠠᠳᠤᠭᠰᠠᠨ ᠢᠶᠠᠷ ᠮᠠᠨ ᠤ ᠤᠯᠤᠰ ᠤᠨ ᠬᠥᠮᠦᠨ ᠠᠮᠠ ᠶᠢᠨ ᠳᠤᠮᠳᠠᠴᠢ ᠨᠠᠰᠤᠯᠠᠯᠲᠠ 71.7 ᠂ ᠰᠤᠷᠭᠠᠭᠤᠯᠢ ᠳᠤ ᠰᠤᠷᠤᠯᠴᠠᠭᠰᠠᠨ ᠳᠤᠮᠳᠠᠴᠢ ᠬᠤᠭᠤᠴᠠᠭ᠎ᠠ 13.6 ᠵᠢᠯ᠂ ᠨᠢᠭᠡ ᠬᠦᠮᠦᠨ ᠳ᠋ᠤ ᠨᠣᠭᠳᠠᠬᠤ ᠬᠤᠳᠠᠯᠳᠤᠨ ᠠᠪᠬᠤ ᠴᠢᠳᠠᠪᠤᠷᠢ 14.787 ᠳ᠋ᠣᠯᠯᠠᠷ ᠭᠡᠵᠦ ᠦᠨᠡᠯᠡᠭ᠍ᠰᠡᠨ ᠪᠡᠢᠨ᠎ᠡ᠃

ᠰᠡᠳᠬᠢᠭᠳᠡᠯ ᠦᠯᠡᠳᠡᠭᠡᠬᠦ