ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠵᠢᠦ᠋ᠳᠣ᠋ ᠪᠥᠬᠡ ᠶᠢᠨ ᠲᠡᠮᠡᠴᠡᠭᠡᠨ ᠲᠠᠢᠯᠠᠨᠳ᠋ ᠲᠤ ᠪᠣᠯᠵᠤ ᠥᠨᠳᠥᠷᠯᠡᠯ᠎ᠡ᠃ ᠡᠨᠡ ᠤᠳᠠᠭ᠎ᠠ ᠶᠢᠨ ᠲᠢᠪ ᠦᠨ ᠠᠪᠤᠷᠭᠤ ᠳᠤ 29 ᠣᠷᠣᠨ ᠤ ᠡᠷᠡᠭᠲᠡᠢ 165᠂ ᠡᠮᠡᠭᠲᠡᠢ 124 ᠂ ᠨᠡᠢᠲᠡ 289 ᠲᠠᠮᠢᠷᠴᠢᠨ ᠥᠷᠢᠰᠦᠯᠳᠦᠪᠡ᠃
ᠮᠣᠩᠭᠣᠯ ᠤᠯᠤᠰ ᠡᠴᠡ ᠡᠷᠡᠭᠲᠡᠢ ᠶᠢᠰᠦ᠂ ᠡᠮᠡᠭᠲᠡᠢ ᠶᠢᠰᠦᠨ ᠲᠠᠮᠢᠷᠴᠢᠨ ᠣᠷᠣᠯᠴᠠᠭᠠᠳ᠂ ᠡᠮᠡᠭᠲᠡᠢᠴᠦᠳ ᠦᠨ -57 ᠺᠢᠯᠦᠭ᠍ᠷᠡᠮ ᠤᠨ ᠵᠢᠩ ᠳᠦ ᠲ∙ᠠᠷᠢᠭᠤᠨᠵᠠᠶᠠᠭ᠎ᠠ ᠮᠥᠩᠭᠥᠨ ᠮᠧᠳᠠᠯ᠂ ᠡᠮᠡᠭᠲᠡᠢᠴᠦᠳ ᠦᠨ -63 ᠺᠢᠯᠦᠭ᠍ᠷᠡᠮ ᠳᠦ ᠯ ∙ᠡᠩᠬᠦᠷᠡᠢᠯᠡᠨ ᠮᠥᠩᠭᠥᠨ ᠮᠧᠳᠠᠯ᠂ ᠡᠮᠡᠭᠲᠡᠢᠴᠦᠳ ᠦᠨ -70 ᠺᠢᠯᠦᠭ᠍ᠷᠡᠮ ᠳᠦ ᠪ ∙ ᠨᠢᠮ᠎ᠠ-ᠡᠷᠳᠡᠨᠢ ᠬᠦᠷᠡᠯ ᠮᠧᠳᠠᠯ᠂ ᠡᠮᠡᠭᠲᠡᠢᠴᠦᠳ ᠦᠨ +78 ᠺᠢᠯᠦᠭ᠍ᠷᠡᠮ ᠳᠦ ᠠ᠊ ∙ ᠠᠳ᠋ᠢᠶᠠᠰᠦ᠋ᠷᠦᠩ ᠬᠦᠷᠡᠯ ᠮᠧᠳᠠᠯ ᠬᠦᠷᠲᠡᠵᠡᠢ᠃