ᠰᠢᠲᠠᠷ᠎ᠠ ᠶᠢᠨ ᠰᠫᠣᠷᠲ ᠢ ᠬᠥᠭᠵᠢᠭᠦᠯᠬᠦ᠂ ᠲᠦᠭᠡᠭᠡᠨ ᠳᠡᠯᠭᠡᠷᠡᠭᠦᠯᠬᠦ᠂ ᠰᠢᠲᠠᠷᠠᠴᠢᠳ ᠤᠨ ᠤᠷ᠎ᠠ ᠴᠢᠳᠠᠪᠤᠷᠢ ᠶᠢ ᠳᠡᠭᠡᠭᠰᠢᠯᠡᠭᠦᠯᠵᠦ᠂ ᠬᠡᠦᠬᠡᠳ ᠵᠠᠯᠠᠭᠤᠰ ᠲᠤ ᠰᠫᠣᠷᠲ ᠤᠨ ᠠᠴᠢ ᠬᠣᠯᠪᠣᠭᠳᠠᠯ ᠢ ᠲᠠᠨᠢᠭᠤᠯᠬᠤ ᠵᠣᠷᠢᠯᠭ᠎ᠠ ᠪᠠᠷ《ᠨᠡᠭᠦᠳᠡᠯ-999》ᠰᠢᠲᠠᠷ᠎ᠠ ᠶᠢᠨ ᠠᠩᠬᠠᠳᠤᠭᠠᠷ ᠲᠡᠮᠡᠴᠡᠭᠡᠨ ᠢ ᠳᠥᠷᠪᠡᠳᠦᠭᠡᠷ ᠰᠠᠷ᠎ᠠ ᠶᠢᠨ 24 ᠦ ᠡᠳᠦᠷ 09᠄00-18᠄00 ᠴᠠᠭ ᠤᠨ ᠬᠣᠭᠣᠷᠣᠨᠳᠣ ᠰᠦᠬᠡᠪᠠᠭᠠᠲᠤᠷ ᠤᠨ ᠲᠠᠯᠠᠪᠠᠢ ᠶᠢᠨ ᠠᠰᠠᠷ ᠲᠤ ᠵᠣᠬᠢᠶᠠᠨ ᠪᠠᠢᠭᠤᠯᠤᠨ᠎ᠠ᠃ ᠲᠡᠮᠡᠴᠡᠭᠡᠨ ᠦ ᠪᠦᠷᠢᠳᠬᠡᠯ ᠳᠥᠷᠪᠡᠳᠦᠭᠡᠷ ᠰᠠᠷ᠎ᠠ ᠶᠢᠨ 18-21 ᠦ ᠡᠳᠦᠷ ᠦᠨ 15᠄00 ᠴᠠᠭ ᠬᠦᠷᠲᠡᠯ᠎ᠡ ᠪᠠᠶᠠᠩᠭᠤᠤᠯ ᠳᠡᠭᠦᠷᠭᠡ ᠶᠢᠨ ᠰᠫᠣᠷᠲ ᠬᠣᠷᠢᠶᠠᠨ ᠤ ᠪᠠᠢᠷᠢᠨ ᠳᠤ ᠪᠣᠯᠤᠨ᠎ᠠ᠃
ᠲᠡᠮᠡᠴᠡᠭᠡᠨ 7-8 ᠨᠠᠰᠤ᠂ 9-10 ᠨᠠᠰᠤ ᠂11-12 ᠨᠠᠰᠤ᠂ 13-14 ᠨᠠᠰᠤ᠂ 15-16 ᠨᠠᠰᠤ᠂ ᠨᠠᠰᠤᠨ ᠳᠤ ᠬᠦᠷᠦᠭ᠍ᠰᠡᠳ ᠦᠨ ᠠ ᠵᠡᠷᠭᠡᠯᠡᠯ︵2100 ᠡᠴᠡ ᠳᠡᠭᠡᠭᠰᠢ ᠷᠧᠲ᠋ᠢᠩ ᠲᠡᠢ︶᠂ ᠸ ᠵᠡᠷᠭᠡᠯᠡᠯ︵1700-2099 ᠬᠦᠷᠲᠡᠯᠡᠬᠢ ᠷᠧᠲ᠋ᠢᠩ ᠲᠡᠢ ︶᠂ ᠰ ᠵᠡᠷᠭᠡᠯᠡᠯ︵ 0-1699 ᠬᠦᠷᠲᠡᠯᠡᠬᠢ ᠷᠧᠲ᠋ᠢᠩ ᠲᠡᠢ︶ᠭᠡᠬᠦ ᠠᠩᠭᠢᠯᠠᠯ ᠢᠶᠠᠷ ᠶᠠᠪᠤᠭᠳᠠᠨ᠎ᠠ᠃