ᠶᠡᠬᠡ ᠪᠷᠢᠲ᠋ᠠᠨ ᠤ ᠰᠠᠩ ᠬᠠᠪᠲᠠᠭᠠᠢ ᠲᠡᠮᠡᠭᠡ ᠶᠢ ᠬᠠᠮᠠᠭᠠᠯᠠᠬᠤ ᠭᠡᠷ᠎ᠡ ᠪᠡᠨ ᠰᠤᠩᠭᠠᠵᠠᠢ | News.MN

ᠶᠡᠬᠡ ᠪᠷᠢᠲ᠋ᠠᠨ ᠤ ᠰᠠᠩ ᠬᠠᠪᠲᠠᠭᠠᠢ ᠲᠡᠮᠡᠭᠡ ᠶᠢ ᠬᠠᠮᠠᠭᠠᠯᠠᠬᠤ ᠭᠡᠷ᠎ᠡ ᠪᠡᠨ ᠰᠤᠩᠭᠠᠵᠠᠢ

ᠶᠡᠬᠡ ᠪᠷᠢᠲ᠋ᠠᠨ ᠤ ᠬᠠᠪᠲᠠᠭᠠᠢ ᠲᠡᠮᠡᠭᠡ ᠬᠠᠮᠠᠭᠠᠯᠠᠬᠤ ᠰᠠᠩ ᠮᠣᠩᠭᠣᠯ ᠳᠤ ᠨᠡᠩ ᠬᠣᠪᠣᠷᠳᠠᠭᠰᠠᠨ ᠬᠠᠪᠲᠠᠭᠠᠢ ᠶᠢ ᠬᠠᠮᠠᠭᠠᠯᠠᠬᠤ ᠠᠵᠢᠯ ᠢ 2003 ᠣᠨ ᠤ ᠶᠢᠰᠦᠳᠦᠭᠡᠷ ᠰᠠᠷ᠎ᠠ ᠠᠴᠠ ᠡᠬᠢᠯᠡᠨ ᠬᠡᠷᠡᠭᠵᠢᠭᠦᠯᠵᠦ ᠪᠠᠢᠭ᠎ᠠ ᠪᠢᠯᠡ᠃ ᠲᠤᠰ ᠰᠠᠩ ᠨᠢ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠲᠤ ᠬᠠᠪᠲᠠᠭᠠᠢ ᠦᠷᠡᠵᠢᠭᠦᠯᠬᠦ᠂ ᠰᠤᠳᠤᠯᠭᠠᠨ ᠤ ᠲᠥᠪ ᠪᠠᠢᠭᠤᠯᠤᠨ ᠦᠢᠯᠡ ᠠᠵᠢᠯᠯᠠᠭ᠎ᠠ ᠶᠢ ᠨᠢ ᠬᠡᠪ ᠦᠨ ᠶᠠᠪᠤᠭᠤᠯᠬᠤ᠂ ᠡᠪᠡᠰᠦ ᠲᠡᠵᠢᠭᠡᠯ ᠪᠡᠯᠡᠳᠬᠡᠬᠦ ᠳᠦ ᠱᠠᠭᠠᠷᠳᠠᠭᠳᠠᠬᠤ ᠰᠠᠩᠬᠦᠦᠵᠢᠯᠲᠡ ᠣᠯᠭᠤᠵᠤ ᠢᠷᠡᠭᠰᠡᠨ ᠶᠤᠮ᠃

ᠲᠡᠭᠡᠪᠡᠯ ᠡᠨᠡ ᠬᠦ ᠬᠠᠮᠲᠤ ᠶᠢᠨ ᠠᠵᠢᠯᠯᠠᠭ᠎ᠠ ᠶᠢ ᠲᠠᠪᠤᠨ ᠵᠢᠯ ᠢᠶᠡᠷ ᠰᠤᠩᠭᠠᠬᠤ ᠭᠡᠷ᠎ᠡ ᠶᠢ ᠪᠠᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠶᠠᠮᠤᠨ᠂ ᠶᠡᠬᠡ ᠪᠷᠢᠲ᠋ᠠᠨ ᠤ ᠬᠠᠪᠲᠠᠭᠠᠢ ᠲᠡᠮᠡᠭᠡ ᠬᠠᠮᠠᠭᠠᠯᠠᠬᠤ ᠰᠠᠩ ᠤᠨ ᠡᠭᠦᠰᠬᠡᠨ ᠪᠠᠢᠭᠤᠯᠤᠭᠴᠢ ᠺᠲᠷᠢᠨ ᠷᠧᠢ ᠲᠡᠢ ᠥᠴᠥᠭᠡᠳᠦᠷ ᠪᠠᠢᠭᠤᠯᠤᠭᠰᠠᠨ ᠪᠠᠢᠨ᠎ᠠ᠃

ᠮᠠᠨ ᠤ ᠤᠯᠤᠰ ᠤᠨ ᠬᠠᠪᠲᠠᠭᠠᠢ ᠶᠢᠨ ᠲᠣᠭ᠎ᠠ 1985 ᠣᠨ ᠠᠴᠠ ᠬᠣᠢᠰᠢ 46 ᠬᠤᠪᠢ ᠪᠠᠭᠠᠰᠤᠭᠰᠠᠨ ᠪᠥᠭᠡᠳ ᠡᠨᠡ ᠪᠠᠢᠳᠠᠯ ᠴᠢᠨᠠᠭᠰᠢ ᠦᠷᠭᠦᠯᠵᠢᠯᠡᠪᠡᠯ 2033 ᠣᠨ ᠭᠡᠬᠦ ᠳᠦ ᠲᠣᠭ᠎ᠠ ᠲᠣᠯᠣᠭᠠᠢ ᠨᠢ 84 ᠬᠤᠪᠢ ᠬᠦᠷᠲᠡᠯ᠎ᠡ ᠪᠠᠭᠤᠷᠠᠬᠤ ᠮᠠᠭᠠᠳᠯᠠᠯ ᠲᠠᠢ ᠭᠡᠰᠡᠨ ᠳ᠋ᠦᠩᠨᠡᠯᠲᠡ ᠭᠠᠷᠴᠠᠢ᠃

ᠰᠡᠳᠬᠢᠭᠳᠡᠯ ᠦᠯᠡᠳᠡᠭᠡᠬᠦ