《ᠵᠠᠯᠠᠭᠤ ᠮᠠᠯ ᠤᠨ ᠡᠮᠴᠢ》ᠬᠥᠲᠥᠯᠪᠦᠷᠢ ᠬᠡᠷᠡᠭᠵᠢᠭᠦᠯᠦᠨ᠎ᠡ | News.MN

《ᠵᠠᠯᠠᠭᠤ ᠮᠠᠯ ᠤᠨ ᠡᠮᠴᠢ》ᠬᠥᠲᠥᠯᠪᠦᠷᠢ ᠬᠡᠷᠡᠭᠵᠢᠭᠦᠯᠦᠨ᠎ᠡ

ᠬᠣᠪᠳᠣ ᠠᠢᠮᠠᠭ ᠤᠨ ᠮᠠᠯ ᠤᠨ ᠡᠮᠴᠢ ᠨᠠᠷ ᠤᠨ ᠨᠢᠭᠡᠳᠦᠭᠰᠡᠨ ᠵᠥᠪᠯᠡᠯᠭᠡᠨ ᠡᠨᠡ ᠰᠠᠷ᠎ᠠ ᠶᠢᠨ ᠠᠷᠪᠠᠨ ᠵᠢᠷᠭᠤᠭᠠᠨ ᠳᠦ ᠪᠣᠯᠤᠯ᠎ᠠ᠃ ᠡᠭᠦᠨ ᠳᠦ 17 ᠰᠤᠮᠤ ᠶᠢᠨ ᠮᠠᠯ ᠡᠮᠨᠡᠯᠭᠡ ᠶᠢᠨ ᠲᠠᠰᠤᠭ᠂ ᠨᠢᠭᠡᠴᠡ ᠶᠢᠨ ᠡᠮᠴᠢ᠂ ᠮᠡᠷᠭᠡᠵᠢᠯᠲᠡᠳ ᠣᠷᠣᠯᠴᠠᠵᠤ᠂ ᠰᠠᠯᠪᠤᠷᠢ ᠶᠢᠨ ᠥᠨᠥ ᠶᠢᠨ ᠪᠠᠢᠳᠠᠯ᠂ ᠵᠠᠷᠢᠮ ᠲᠤᠯᠭᠠᠮᠳᠠᠭᠰᠠᠨ ᠠᠰᠠᠭᠤᠳᠠᠯ ᠢ ᠰᠢᠢᠳᠪᠦᠷᠢᠯᠡᠬᠦ ᠲᠤᠬᠠᠢ ᠰᠠᠨᠠᠯ ᠰᠤᠯᠢᠯᠴᠠᠪᠠ᠃

ᠬᠣᠪᠳᠣ ᠠᠢᠮᠠᠭ 3.5 ᠰᠠᠶ᠎ᠠ ᠲᠣᠯᠣᠭᠠᠢ ᠮᠠᠯ ᠲᠠᠢ᠃ ᠲᠤᠰ ᠠᠢᠮᠠᠭ ᠤᠨ ᠮᠠᠯ ᠡᠮᠨᠡᠯᠭᠡ ᠶᠢᠨ ᠰᠠᠯᠪᠤᠷᠢ ᠳᠤ ᠥᠨᠥᠳᠥᠷ ᠦᠨ ᠪᠠᠢᠳᠠᠯ ᠢᠶᠠᠷ 80 ᠭᠠᠷᠤᠢ ᠡᠮᠴᠢ᠂ ᠮᠡᠷᠭᠡᠵᠢᠯᠲᠡᠨ ᠠᠵᠢᠯᠯᠠᠵᠤ ᠪᠠᠢᠭ᠎ᠠ ᠪᠥᠭᠡᠳ ᠮᠠᠯ ᠰᠦᠷᠦᠭ ᠦᠨ 50-60 ᠬᠤᠪᠢ ᠳᠤ ᠦᠢᠯᠡᠴᠢᠯᠡᠭᠡ ᠦᠵᠡᠭᠦᠯᠵᠦ ᠪᠤᠢ᠃ ᠣᠳᠣ ᠪᠠᠷ ᠡᠨᠡ ᠰᠠᠯᠪᠤᠷᠢ ᠳᠤ ᠠᠵᠢᠯᠯᠠᠬᠤ ᠪᠣᠯᠪᠠᠰᠤᠨ ᠬᠦᠴᠦᠨ᠂ ᠬᠦᠮᠦᠨ ᠦ ᠨᠥᠭᠡᠴᠡ ᠶᠢᠨ ᠠᠰᠠᠭᠤᠳᠠᠯ ᠳᠤᠲᠠᠭᠳᠠᠯ ᠲᠠᠢ ᠪᠠᠢᠭ᠎ᠠ ᠲᠠᠯ᠎ᠠ ᠪᠠᠷ ᠵᠥᠪᠯᠡᠯᠭᠡᠨ ᠳᠦ ᠣᠷᠣᠯᠴᠠᠭᠴᠢᠳ ᠬᠡᠯᠡᠵᠦ ᠪᠠᠢᠨ᠎ᠠ᠃

2025 ᠣᠨ ᠠᠴᠠ ᠡᠬᠢᠯᠡᠨ《ᠵᠠᠯᠠᠭᠤ ᠮᠠᠯ ᠤᠨ ᠡᠮᠴᠢ》ᠬᠥᠲᠥᠯᠪᠦᠷᠢ ᠬᠡᠷᠡᠭᠵᠢᠭᠦᠯᠬᠦ ᠪᠠ ᠲᠣᠳᠣᠷᠬᠠᠢ ᠰᠢᠯᠭᠠᠭᠤᠷ ᠦᠵᠡᠭᠦᠯᠦᠯᠲᠡ᠂ ᠵᠢᠷᠤᠮ ᠤᠨ ᠳᠠᠭᠠᠤ ᠮᠠᠯ ᠡᠮᠨᠡᠯᠭᠡ ᠶᠢᠨ ᠰᠤᠷᠭᠠᠭᠤᠯᠢ ᠳᠤ ᠰᠤᠷᠤᠯᠴᠠᠵᠤ ᠪᠠᠢᠭ᠎ᠠ ᠵᠠᠷᠢᠮ ᠣᠶᠤᠲᠠᠨ ᠳᠤ ᠰᠤᠷᠭᠠᠯᠲᠠ ᠶᠢᠨ ᠲᠥᠯᠥᠪᠦᠷᠢ ᠶᠢᠨ ᠲᠡᠳᠬᠦᠯᠭᠡ ᠣᠯᠭᠣᠬᠤ ᠶᠤᠮ᠃

ᠰᠡᠳᠬᠢᠭᠳᠡᠯ ᠦᠯᠡᠳᠡᠭᠡᠬᠦ