ᠵᠠᠰᠠᠭ ᠤᠨ ᠭᠠᠵᠠᠷ ᠤᠨ ᠰᠢᠭᠤᠷᠬᠠᠢ ᠱᠲ᠋ᠠᠪ ᠤᠨ ᠬᠤᠷᠠᠯᠳᠤᠭᠠᠨ ᠳᠤ ᠪᠣᠯᠪᠠᠰᠤᠷᠠᠯ ᠤᠨ ᠰᠠᠢᠳ ᠫ ∙ ᠨᠠᠷᠠᠨᠪᠠᠶᠠᠷ《ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠰᠤᠷᠤᠭᠴᠢᠳ ᠤᠨ ᠵᠣᠷᠴᠢᠬᠤ ᠬᠥᠳᠡᠯᠭᠡᠭᠡᠨ》᠂《ᠬᠣᠲᠠᠬᠠᠨ ᠤ ᠪᠠᠭ᠎ᠠ ᠰᠤᠷᠭᠠᠭᠤᠯᠢ ᠶᠢᠨ ᠲᠤᠬᠠᠢ ᠲᠠᠨᠢᠯᠴᠠᠭᠤᠯᠭ᠎ᠠ》ᠢᠯᠡᠳᠬᠡᠯ ᠲᠠᠯᠪᠢᠵᠤ ᠬᠡᠯᠡᠯᠴᠡᠭᠦᠯᠦᠯ᠎ᠡ᠃ ᠥᠨᠥᠳᠥᠷ ᠦᠨ ᠪᠠᠢᠳᠠᠯ ᠢᠶᠠᠷ ᠳᠡᠭᠦᠷᠭᠡ᠂ ᠬᠣᠷᠢᠶ᠎ᠠ ᠬᠣᠭᠣᠷᠣᠨᠳᠣ 168 ᠮᠢᠩᠭᠠᠨ ᠰᠤᠷᠤᠯᠴᠠᠭᠴᠢ᠂ 7844 ᠪᠠᠭᠰᠢ ᠵᠣᠷᠴᠢᠵᠤ ᠬᠢᠴᠢᠶᠡᠯ ᠰᠤᠷᠭᠠᠭᠤᠯᠢ ᠳᠦ ᠪᠡᠨ ᠶᠠᠪᠤᠵᠤ ᠪᠠᠢᠨ᠎ᠠ᠃
ᠡᠳᠡᠭᠡᠷ ᠰᠤᠷᠤᠭᠴᠢᠳ ᠤᠨ 90 ᠭᠠᠷᠤᠢ ᠮᠢᠩᠭ᠎ᠠ ᠨᠢ ᠬᠣᠲᠠ ᠶᠢᠨ ᠲᠥᠪ ᠦᠨ ᠰᠤᠷᠭᠠᠭᠤᠯᠢ ᠨᠤᠭᠤᠳ ᠤᠷᠤᠭᠤ ᠵᠣᠷᠴᠢᠳᠠᠭ ᠭᠡᠰᠡᠨ ᠰᠤᠳᠤᠯᠭ᠎ᠠ ᠭᠠᠷᠴᠠᠢ᠃ ᠡᠨᠡ ᠬᠦ ᠠᠰᠠᠭᠤᠳᠠᠯ ᠢ ᠰᠢᠢᠳᠬᠦ ᠶᠢᠨ ᠲᠤᠯᠠᠳᠠ ᠭᠡᠷ ᠬᠣᠷᠢᠶᠠᠯᠠᠯ ᠤᠨ ᠪᠥᠰᠡ ᠳᠦ 57 ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠪᠠᠷᠢᠬᠤ ᠱᠠᠭᠠᠷᠳᠠᠯᠭ᠎ᠠ ᠡᠭᠦᠰᠦᠭᠡᠳ ᠪᠠᠢᠭ᠎ᠠ ᠶᠤᠮ᠃ ᠢᠩᠭᠢᠭᠰᠡᠨ ᠢᠶᠡᠷ ᠵᠣᠷᠴᠢᠬᠤ ᠬᠥᠳᠡᠯᠭᠡᠭᠡᠨ ᠡᠷᠡᠰ ᠪᠠᠭᠠᠰᠴᠤ ᠲᠦᠭᠵᠢᠷᠡᠯ 31.7 ᠬᠤᠪᠢ ᠪᠠᠷ ᠪᠠᠭᠤᠷᠠᠨ᠎ᠠ᠃