ᠭᠠᠨᠳᠠᠨᠳᠡᠭ᠍ᠴᠢᠯᠡᠨ ᠬᠡᠢᠢᠳ  ᠲᠤ ᠵᠠᠯᠠᠭᠰᠠᠨ ᠴᠢᠩᠭᠢᠰ ᠬᠠᠭᠠᠨ ᠤ ᠬᠥᠷᠦᠭ ᠶᠡᠮᠡᠷ ᠤᠴᠢᠷ ᠲᠠᠢ ᠪᠣᠢ | News.MN

ᠭᠠᠨᠳᠠᠨᠳᠡᠭ᠍ᠴᠢᠯᠡᠨ ᠬᠡᠢᠢᠳ  ᠲᠤ ᠵᠠᠯᠠᠭᠰᠠᠨ ᠴᠢᠩᠭᠢᠰ ᠬᠠᠭᠠᠨ ᠤ ᠬᠥᠷᠦᠭ ᠶᠡᠮᠡᠷ ᠤᠴᠢᠷ ᠲᠠᠢ ᠪᠣᠢ

ᠭᠠᠨᠳᠠᠨᠳᠡᠭ᠍ᠴᠢᠯᠡᠨ ᠬᠡᠢᠢᠳ ᠤᠨ ᠪᠠᠲᠤᠴᠠᠭᠠᠨ ᠴᠤᠭ᠌ᠴᠢᠨ ᠳᠤᠭᠠᠩ ᠳᠤ ᠬᠠᠪᠤᠷ ᠤᠨ ᠲᠡᠷᠢᠬᠦᠠ ᠰᠠᠷ᠎ᠠ ᠶᠢᠨ ᠰᠢᠨ᠎ᠡ ᠶᠢᠨ ᠨᠠᠢ᠍ᠮᠠᠨ ᠪᠤᠶᠤ ᠡᠨᠡ ᠰᠠᠷ᠎ᠠ ᠶᠢᠨ 7 ‍ᠣ ᠡᠳᠦᠷ ᠴᠢᠩᠭᠢᠰ ᠬᠠᠭᠠᠨ ᠤ ᠬᠥᠷᠥᠭ ᠢ ᠵᠠᠯᠠᠵᠠᠢ᠃ ᠬᠥᠷᠥᠭ ᠢ ᠮᠣᠩᠭᠣᠯ ᠵᠢᠷᠤᠭ ᠪᠤᠯᠦᠠ ᠪᠤᠳ᠋ᠳ᠋ᠾᠠ ᠶᠢᠨ ᠰᠢᠳᠦᠭᠡᠠ ᠤᠷᠠᠯᠠᠯ ᠤᠨ ᠤᠯᠠᠮᠵᠢᠯᠠᠯᠲᠤ ᠠᠷᠭ᠎ᠠ ᠶᠢ ᠬᠣᠣᠰᠯᠠᠭᠤᠯᠤᠨ ᠪᠤᠷᠬᠠᠨ ᠤᠷᠠᠯᠠᠭᠠᠴᠢ ᠳ᠎∙ ᠪᠠᠲᠤᠵᠢᠷᠭᠠᠯ ᠪᠦᠲᠦᠭᠡᠵᠦ ᠡᠨᠡ ᠰᠠᠷ᠎ᠠ ᠶᠢᠨ 5 ‍ᠣ ᠮᠤᠷᠢᠨ ᠴᠠᠭ ᠲᠤ ᠳᠠᠭᠤᠰᠬᠠᠭᠰᠠᠨ ᠪᠡᠢᠨ᠎ᠡ ᠃

ᠬᠠᠭᠠᠨ ᠤ ᠬᠥᠷᠥᠭ ᠢ ᠲᠠᠢᠸᠠᠨ ᠤ ᠦᠨᠳᠦᠰᠦᠨ ᠤ ᠣᠷᠳᠣᠨ ᠮᠦᠽᠧᠢ ᠳᠦ ᠬᠠᠳᠠᠭᠠᠯᠠᠭᠳᠠᠵᠤ ᠪᠠᠢᠭ᠎ᠠ ᠡᠰᠢ ᠬᠥᠷᠥᠭ ᠠᠴᠠ ᠰᠠᠨᠠᠭ᠎ᠠ ᠠᠪᠤᠭᠰᠠᠨ ᠪᠥᠭᠡᠳ ᠬᠥᠷᠦᠭ ᠤᠨ ᠵᠣᠬᠢᠶᠠᠮᠵᠢ᠂ ᠵᠠᠷᠢᠮ ᠪᠡᠯᠭᠡᠳᠡᠯᠲᠦ ᠤᠳᠬ᠎ᠠ ᠶᠢ ᠭᠠᠨᠳᠠᠨᠳᠡᠭ᠍ᠴᠢᠯᠡᠨ ᠬᠡᠢᠢᠳ ᠴᠠᠬᠢᠮ ᠬᠠᠭᠤᠳᠠᠰᠤᠨ ᠳᠠᠭᠠᠨ ᠲᠠᠢᠯᠪᠤᠷᠢᠯᠠᠵᠠᠢ᠃ ᠲᠤᠬᠠᠢᠯᠠᠪᠠᠯ᠂ ᠡᠵᠡᠨ ᠬᠠᠭᠠᠨ ᠤ ᠰᠠᠭᠤᠳᠠᠯ ᠢ ᠨᠠᠢ᠍ᠮᠠᠨ ᠯᠤᠤ ᠂ ᠭᠠᠯᠪᠢᠩᠭ᠎ᠠ ᠰᠢᠪᠠᠭᠤ᠂ ᠵᠧ ᠪᠠᠳ᠂ ᠰᠣᠶᠤᠮᠪᠤ ᠵᠡᠷᠭᠡ ᠤᠯᠠᠮᠵᠢᠯᠠᠯᠲᠤ ᠲᠡᠮᠳᠡᠭ ᠤᠳ ᠢᠶᠡᠷ ᠴᠢᠮᠡᠵᠡᠢ᠃ ᠤᠯᠠᠮ ᠢᠶᠠᠷ ᠰᠠᠭᠤᠳᠠᠯ ᠤᠨ ᠣᠷᠣᠢ ᠳᠡᠭᠡᠷ᠎ᠡ ᠠᠩᠬᠠᠳᠤᠭᠠᠷ ᠪᠤᠬᠳᠠ ᠂ ᠦᠡᠳᠦᠷ ᠭᠡᠭᠡᠠ ᠵᠠᠨᠠᠪᠠᠽᠠᠷ ᠤᠨ ᠪᠦᠲᠦᠭᠡᠭ᠍ᠰᠡᠨ ᠰᠣᠶᠤᠮᠪᠤ ᠦᠰᠦᠭ ᠢ ᠠᠩᠬᠠᠨ ᠤ ᠡᠬᠡ ᠪᠡᠷ ᠵᠠᠯᠠᠭᠰᠠᠨ ᠨᠢ ᠴᠢᠩᠭᠢᠰ ᠬᠠᠭᠠᠨ ᠤ ᠦᠷ᠎ᠡ ᠤᠳᠤᠮ ᠂ ᠪᠠᠢᠭᠤᠯᠤᠭᠰᠠᠨ ᠲᠥᠷᠦ ᠂ ᠮᠣᠩᠭᠣᠯ ᠲᠥᠷᠦ ᠶᠢᠨ ᠣᠶ ᠰᠠᠨᠠᠮᠵᠢ ᠶᠢ ᠪᠡᠯᠭᠡᠳᠡᠭ᠍ᠰᠡᠨ ᠪᠡᠢᠨ᠎ᠡ᠃ ᠣᠷᠣᠢ ᠳᠡᠭᠡᠷ᠎ᠡ ᠪᠠᠨ ᠭᠠᠭᠴᠠ ᠡᠪᠡᠷ ᠲᠡᠢ ᠯᠤᠤ ᠶᠢ ᠳᠦᠷᠰᠦᠯᠡᠭ᠍ᠰᠡᠨ ᠨᠢ ᠾᠦᠩᠨᠦ ᠶᠢᠨ ᠦᠶ᠎ᠡ ᠶᠢᠨ ᠠᠷᠬᠧᠣᠯᠣᠭᠢ ᠶᠢᠨ ᠣᠯᠳᠠᠪᠤᠷᠢ ᠳᠡᠭᠡᠷᠡᠬᠢ ᠭᠠᠭᠴᠠ ᠡᠪᠡᠷᠲᠦ ᠠᠴᠠ ᠰᠠᠨᠠᠭ᠎ᠠ ᠠᠪᠴᠤ᠂ ᠾᠦᠩᠨᠦ ᠲᠥᠷᠥ ᠶᠢ ᠪᠡᠯᠭᠡᠳᠡᠨ《ᠲᠩᠷᠢ ᠳᠤ ᠨᠢᠭᠡ ᠨᠠᠷᠠ ᠂ ᠭᠠᠵᠠᠷ ᠲᠤ ᠨᠢᠭᠡ ᠬᠠᠭᠠᠨ》ᠭᠡᠰᠡᠨ ᠤᠳᠬ᠎ᠠ ᠶᠢ ᠰᠢᠩᠭᠡᠭᠡᠵᠡᠢ᠃ ᠬᠠᠷᠢᠨ ᠬᠠᠭᠠᠨ ᠤ ᠵᠡᠭᠦᠨ ᠭᠠᠷ ᠲᠠᠯ᠎ᠠ ᠳᠤ ᠪᠤᠷᠬᠠᠨ ᠪᠠᠭ᠌ᠰᠢ ᠶᠢᠨ ᠰᠤᠷᠭᠠᠯ ᠤᠨ ᠰᠤᠳᠤᠷ ᠤᠳ ᠢ ᠵᠠᠯᠠᠭᠰᠠᠨ ᠤ ᠲᠡᠭᠡᠳᠦ ᠲᠠᠯ᠎ᠠ ᠶᠢᠨ ᠬᠢᠨᠢ ᠰᠠᠨᠳᠤᠢ ᠶᠢᠨ ᠵᠦᠳ᠂ ᠤᠳᠠᠭᠠᠬᠢ ᠨᠢ ᠵᠠᠳᠠᠮᠪᠠ ᠂ ᠰᠡᠭᠦᠯ  ᠤᠨ ᠬᠢᠨᠢ ᠳ᠋ᠤᠳᠢᠭᠠᠯᠰᠠᠩ ᠠᠵᠠᠢ᠃ ᠰᠤᠳᠤᠷ ᠤᠳ ᠢ ᠡᠢᠨ ᠬᠦ ᠵᠠᠯᠠᠬᠤ ᠳᠠᠭᠠᠨ ᠨᠠᠢ᠍ᠮᠠ ᠪᠤᠯᠦᠠ ᠳᠥᠷᠪᠡ ᠪᠡᠷ ᠣᠷᠢᠶᠠᠵᠤ ᠪᠠᠷᠢᠨᠲᠠᠭᠯᠠᠭᠰᠠᠨ ᠨᠢ ᠪᠤᠷᠬᠠᠨ ᠪᠠᠭ᠌ᠰᠢ ᠶᠢᠨ ᠰᠤᠷᠭᠠᠯ ᠤᠨ 84 ᠮᠢᠩᠭᠠᠨ ᠨᠣᠮ ᠤᠨ ᠴᠣᠭᠴᠠ ᠶᠢ ᠪᠡᠯᠭᠡᠳᠡᠵᠡᠢ ᠃ ᠬᠠᠭᠠᠨ ᠢ ᠴᠡᠭᠠᠠ ᠳᠡᠪᠡᠯ ᠂ ᠬᠤᠶᠡᠬ᠂ ᠢᠵᠢ ᠪᠦᠷᠢᠠ ᠡᠮᠦᠰᠬᠡᠯ ᠲᠠᠢ ᠵᠢᠷᠤᠭᠰᠠᠨ ᠨᠢ ᠴᠡᠭᠠᠠ ᠰᠡᠦᠡᠬᠢᠯ ᠂ ᠡᠬᠡ ᠶᠢᠨ ᠰᠦᠨ ᠰᠢᠭ ᠠᠷᠢᠭᠤᠨ ᠪᠠᠢᠳᠠᠯ᠂ ᠠᠰᠢᠳᠠ ᠠᠮᠤᠷ ᠠᠮᠤᠭᠤᠯᠠᠩ᠂ ᠳᠦᠭᠦᠷᠡᠩ᠂ ᠲᠦᠪᠰᠢᠨ ᠰᠡᠢᠢᠬᠠᠠ ᠪᠠᠢᠳᠠᠯ ᠢ ᠪᠡᠯᠭᠡᠳᠡᠭ᠍ᠰᠡᠨ ᠭᠡᠨ᠎ᠡ᠃ ᠤᠯᠠᠮ ᠢᠶᠠᠷ ᠬᠥᠷᠦᠭ ᠤᠨ ᠲᠡᠷᠢᠭᠦᠨ ᠳᠤ ᠮᠣᠩᠭᠣᠯ ᠲᠦᠮᠡᠨ ᠤ ᠣᠷᠣᠢ ᠶᠢᠨ ᠲᠡᠭᠡᠳᠦ ᠸᠴᠢᠷᠪᠡᠨᠢ ᠰᠢᠲᠦᠭᠡᠨ ᠢ ᠵᠠᠯᠠᠭᠰᠠᠨ ᠪᠡᠢᠨ᠎ᠡ ᠃

ᠰᠡᠳᠬᠢᠭᠳᠡᠯ ᠦᠯᠡᠳᠡᠭᠡᠬᠦ