ᠬᠢᠲᠠᠳ ᠲᠤ ᠰᠨᠦ᠋ᠪᠠᠤᠷᠳ᠋ ᠤᠨ ᠥᠰᠪᠦᠷᠢ ᠦᠶ᠎ᠡ ᠂ ᠨᠠᠰᠤᠨ ᠳᠤ ᠬᠦᠷᠦᠭ᠍ᠰᠡᠳ ᠦᠨ ᠣᠯᠠᠨ ᠤᠯᠤᠰ ᠤᠨ ᠲᠡᠮᠡᠴᠡᠭᠡᠨ ᠪᠣᠯᠵᠤ ᠪᠠᠢᠭ᠎ᠠ ᠪᠥᠭᠡᠳ ᠮᠣᠩᠭᠣᠯ ᠤᠨ ᠲᠠᠮᠢᠷᠴᠢᠳ ᠣᠳᠣ ᠶᠢᠨ ᠪᠠᠢᠳᠠᠯ ᠢᠶᠠᠷ ᠬᠣᠶᠠᠷ ᠮᠥᠩᠭᠥ᠂ ᠨᠢᠭᠡ ᠬᠦᠷᠡᠯ᠂ ᠫᠷᠤ᠋ ᠠᠩᠭᠢᠯᠠᠯ ᠳᠤ ᠨᠢᠭᠡ ᠬᠦᠷᠡᠯ ᠮᠧᠳᠠᠯ ᠬᠦᠷᠲᠡᠯ᠎ᠡ᠃ ᠲᠡᠮᠡᠴᠡᠭᠡᠨ ᠤ ᠫᠠᠷᠠᠯᠧᠯ ᠫᠷᠠᠯᠯᠧᠯᠢ ᠠᠩᠭᠢᠯᠠᠯ ᠳᠤ 33 ᠲᠠᠮᠢᠷᠴᠢᠨ ᠤᠷᠤᠯᠳᠤᠬᠤ ᠳᠤ ᠬᠥᠪᠡᠭᠦᠳ ᠦᠨ ᠠᠩᠭᠢᠯᠠᠯ ᠳᠤ ᠮ∙ᠲᠡᠭ᠍ᠰᠢᠳᠤᠭᠦᠷᠡᠩ ᠬᠦᠷᠡᠯ᠂ ᠥᠬᠢᠳ ᠦᠨ ᠠᠩᠭᠢᠯᠠᠯ ᠳᠤ ᠮ ∙ ᠶᠢᠰᠦᠢ᠂ ᠳ∙ ᠤᠤᠭᠠᠨᠵᠠᠶᠠᠭᠠ ᠮᠥᠩᠭᠥᠨ ᠮᠧᠳᠠᠯ ᠬᠦᠷᠲᠡᠭ᠍ᠰᠡᠨ ᠪᠡᠢᠨ᠎ᠡ ᠃ ᠨᠠᠰᠤᠨ ᠳᠤ ᠬᠦᠷᠦᠭ᠍ᠴᠢᠳ ᠦᠨ ᠮᠡᠷᠭᠡᠵᠢᠯ ᠤᠨ ᠠᠩᠭᠢᠯᠠᠯ ᠳᠤ ᠵᠣᠷᠢᠭ᠌ᠲᠤ ᠬᠦᠷᠡᠯ ᠮᠧᠳᠠᠯ ᠬᠦᠷᠲᠡᠵᠡᠢ ᠃ ᠮᠣᠩᠭᠣᠯ ᠤᠨ ᠰᠨᠦ᠋ᠪᠠᠤᠷᠳ᠋ ᠤᠨ ᠤᠨ ᠪᠠᠭ ᠲᠠᠮᠢᠷᠴᠢᠳ 2010 ᠣᠨ ᠠᠴᠠ ᠲᠡᠮᠡᠴᠡᠭᠡᠨ ᠤᠷᠤᠯᠳᠤᠭᠠᠨ ᠳᠤ ᠣᠷᠣᠯᠴᠠᠵᠤ ᠡᠬᠢᠯᠡᠭ᠍ᠰᠡᠨ ᠪᠠ ᠥᠨᠥᠳᠥᠷ ᠠᠩᠬᠠᠨ ᠤ ᠮᠧᠳᠠᠯ ᠢᠶᠠᠨ ᠣᠯᠵᠠᠢ᠃