ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠬᠢᠨ ᠪᠥᠭᠡᠷᠡᠩᠬᠡᠢ ᠰᠣᠩᠭᠢᠨ᠎ᠠ ᠲᠠᠷᠢᠶᠠᠯᠠᠭᠴᠢᠳ ᠲᠡᠢ ᠠᠭᠤᠯᠵᠠᠵᠠᠢ᠃ ᠬᠡᠳᠦᠢ ᠪᠡᠷ ᠰᠡᠭᠦᠯ ᠦᠨ ᠳᠥᠷᠪᠡᠨ ᠵᠢᠯ ᠳᠤ ᠳᠣᠲᠣᠭᠠᠳᠤ ᠶᠢᠨ ᠰᠣᠩᠭᠢᠨ᠎ᠠ ᠲᠠᠷᠢᠶᠠᠯᠠᠯᠲᠠ ᠬᠣᠶᠠᠷ ᠳᠠᠬᠢᠨ ᠥᠰᠦᠭᠰᠡᠨ ᠴᠤ ᠠᠩᠬᠠᠷᠬᠤ ᠠᠰᠠᠭᠤᠳᠠᠯ ᠤᠳ ᠪᠠᠢᠨ᠎ᠠ᠃ ᠲᠤᠬᠠᠢᠯᠠᠪᠠᠯ ᠱᠠᠭᠠᠷᠳᠠᠯᠭ᠎ᠠ ᠲᠠᠢ ᠲᠧᠭᠨᠢᠭ᠂ ᠲᠣᠨᠣᠭ ᠲᠥᠬᠥᠭᠡᠷᠦᠮᠵᠢ ᠶᠢᠨ ᠲᠠᠲᠠᠪᠤᠷᠢ ᠶᠢᠨ ᠬᠥᠩᠭᠡᠯᠡᠯᠲᠡ ᠨᠦᠭᠦᠳ ᠢ ᠦᠷᠭᠦᠯᠵᠢᠯᠡᠭᠦᠯᠬᠦ᠂ ᠢᠮᠫᠣᠷᠲ ᠤᠨ ᠦᠷ᠎ᠡ ᠶᠢᠨ ᠴᠢᠨᠠᠷ ᠲᠤ ᠲᠠᠯᠪᠢᠬᠤ ᠬᠢᠨᠠᠯᠲᠠ ᠪᠠᠨ ᠰᠠᠢᠵᠢᠷᠠᠭᠤᠯᠬᠤ᠂ ᠥᠪᠡᠷ ᠦᠨ ᠣᠷᠣᠨ ᠤ ᠣᠨᠴᠠᠯᠢᠭ ᠲᠤ ᠲᠣᠬᠢᠷᠠᠭᠰᠠᠨ ᠪᠣᠷᠣᠯᠠᠭᠤᠯᠤᠯᠲᠠ ᠶᠢᠨ ᠨᠢᠭᠡᠳᠦᠭᠰᠡᠨ ᠰᠦᠯᠵᠢᠶ᠎ᠡ ᠪᠣᠢ ᠪᠣᠯᠭᠠᠬᠤ ᠰᠠᠨᠠᠯ ᠢ ᠣᠷᠣᠯᠴᠠᠭᠴᠢᠳ ᠳᠡᠪᠰᠢᠭᠦᠯᠪᠡ᠃
ᠮᠣᠩᠭᠣᠯ ᠤᠯᠤᠰ ᠵᠢᠯ ᠳᠦ ᠭᠠᠳᠠᠨ᠎ᠠ ᠠᠴᠠ ᠲᠠᠪᠤᠨ ᠰᠠᠶ᠎ᠠ ᠳ᠋ᠣᠯᠯᠠᠷ ᠤᠨ ᠦᠨ᠎ᠡ ᠪᠦᠬᠦᠢ 25 ᠮᠢᠩᠭ᠎ᠠ ᠣᠷᠴᠢᠮ ᠲᠣᠨ ᠰᠣᠩᠭᠢᠨ᠎ᠠ᠂ ᠰᠠᠷᠢᠮᠰᠠᠭ ᠠᠪᠳᠠᠭ᠃ ᠳᠣᠲᠣᠭᠠᠳᠤ ᠶᠢᠨ ᠲᠠᠷᠢᠶᠠᠯᠠᠭᠴᠢᠳ 24 ᠮᠢᠩᠭ᠎ᠠ ᠣᠷᠴᠢᠮ ᠲᠣᠨ ᠢ ᠵᠠᠬ᠎ᠠ ᠵᠡᠭᠡᠯᠢ ᠳᠦ ᠨᠡᠢᠯᠡᠭᠦᠯᠳᠡᠭ ᠪᠠᠢᠨ᠎ᠠ᠃