《ᠯᠤᠰ ᠠᠩᠵᠸᠯᠧᠰ 2028》ᠤᠯᠢᠮᠫᠢᠺ ᠲᠤ ᠣᠷᠣᠯᠴᠠᠬᠤ ᠴᠢᠯᠦᠭᠡᠲᠦ ᠪᠥᠬᠡ ᠶᠢᠨ ᠦᠨᠳᠦᠰᠦᠨ ᠤ ᠪᠠᠭ ᠤᠨ ᠪᠡᠯᠡᠳᠬᠡᠯ ᠢ ᠤᠳᠤᠷᠢᠳᠤᠨ ᠶᠠᠪᠤᠭᠤᠯᠬᠤ ᠳᠠᠰᠬᠠᠯᠵᠢᠭᠤᠯᠤᠭ᠌ᠴᠢ ᠨᠠᠷ ᠤᠨ ᠰᠣᠩᠭᠤᠨ ᠰᠢᠯᠭᠠᠷᠠᠭᠤᠯᠤᠯᠲᠠ ᠶᠠᠪᠤᠭᠳᠠᠵᠤ ᠥᠨᠳᠥᠷᠯᠡᠪᠡ᠃
ᠦᠨᠳᠦᠰᠦᠨ ᠤ ᠪᠠᠭ ᠤᠨ ᠡᠷᠡᠭ᠍ᠲᠡᠢ ᠪᠠᠭ ᠤᠨ ᠠᠬᠠᠯᠠᠬᠤ ᠳᠠᠰᠬᠠᠯᠵᠢᠭᠤᠯᠤᠭ᠌ᠴᠢ ᠪᠠᠷ ᠳ∙ ᠭᠣᠮᠪᠣᠳᠣᠷᠵᠢ᠂ ᠳᠠᠰᠬᠠᠯᠵᠢᠭᠤᠯᠤᠭ᠌ᠴᠢ ᠪᠠᠷ ᠵ∙ ᠴᠢᠯᠠᠭᠤᠨᠪᠠᠲᠤ᠂ ᠣᠯᠠᠨ ᠤᠯᠤᠰ ᠤᠨ ᠰᠢᠭᠦᠭ᠍ᠴᠢ ᠵ∙ ᠠᠮᠣᠷᠬᠦᠦ᠂ ᠡᠮᠡᠭ᠍ᠳᠡᠢ ᠪᠠᠭ ᠤᠨ ᠠᠬᠠᠯᠠᠬᠤ ᠳᠠᠰᠬᠠᠯᠵᠢᠭᠤᠯᠭ᠌ᠴᠢ ᠪᠠᠷ ᠰ∙ ᠰᠦᠬᠡᠪᠠᠭᠠᠲᠤᠷ᠂ ᠳᠠᠰᠬᠠᠯᠵᠢᠭᠤᠯᠤᠭ᠌ᠴᠢ ᠪᠠᠷ ᠪ ∙ ᠣᠳᠣᠨᠴᠢᠮᠡᠭ᠂ ᠤᠤᠭᠠᠨᠪᠠᠶᠠᠷ ᠰᠣᠩᠭᠣᠭᠳᠠᠵᠤ ᠠᠵᠢᠯᠯᠠᠬᠤ ᠪᠡᠷ ᠪᠣᠯᠣᠯ᠎ᠠ᠃
ᠦᠨᠳᠦᠰᠦᠨ ᠦ ᠪᠠᠭ ᠤᠨ ᠲᠡᠦᠬᠡᠨ ᠳᠤ ᠠᠩᠬ᠎ᠠ ᠤᠳᠠᠭ᠎ᠠ ᠡᠮᠡᠭ᠍ᠳᠡᠢ ᠪᠠᠭ᠌ᠰᠢ ᠠᠵᠢᠯᠯᠠᠬᠤ ᠪᠣᠯᠣᠭᠰᠠᠨ ᠨᠢ ᠡᠨᠡ ᠤᠳᠠᠭ᠎ᠠ ᠶᠢᠨ ᠰᠣᠩᠭᠤᠨ ᠰᠢᠯᠭᠠᠷᠠᠭᠤᠯᠤᠯᠲᠠ ᠶᠢᠨ ᠣᠨᠴᠠᠯᠢᠭ ᠪᠣᠯᠵᠠᠢ ᠃