ᠰᠦᠬᠡᠪᠠᠭᠠᠲᠤᠷ ᠠᠢᠮᠠᠭ ᠤᠨ ᠪᠤᠷᠬᠠᠨ ᠱᠠᠰᠢᠨᠲᠠᠨ ᠤ ᠲᠥᠪ ᠡᠷᠳᠡᠨᠢᠮᠠᠨᠳᠤᠯ ᠬᠡᠢᠢᠳ ᠡᠴᠡ ᠡᠷᠬᠢᠯᠡᠨ ᠭᠠᠷᠭᠠᠳᠠᠭ ᠲᠡᠬᠦᠰ ᠪᠤᠶᠠᠨᠲᠤ ᠰᠢᠨ᠎ᠡ ᠵᠢᠷᠤᠬᠠᠢ ᠶᠢᠨ ᠶᠣᠰᠣᠨ ᠤ ᠴᠡᠬ ᠲᠣᠭᠠᠨ ᠤ ᠪᠢᠴᠢᠭ ᠤᠨ 20 ᠵᠢᠯ ᠦᠨ ᠣᠶ ᠲᠣᠬᠢᠶᠠᠵᠤ ᠪᠡᠢᠢᠨ᠎ᠡ ᠃ 1700 ᠣᠨ ᠤ ᠳᠤᠮᠳᠠ ᠦᠶ᠎ᠡ ᠡᠴᠡ ᠡᠷᠳᠡᠨᠢᠮᠠᠨᠳᠤᠯ ᠬᠡᠢᠢᠳ ᠤᠨ ᠵᠢᠷᠤᠬᠠᠢᠴᠢ᠂ ᠯᠠᠮᠠ ᠬᠤᠸᠠᠷᠠᠭ ᠤᠳ ᠲᠤᠬᠠᠢ ᠶᠢᠨ ᠣᠷᠣᠨ ᠨᠤᠲᠤᠭ ᠤᠨ ᠭᠠᠵᠠᠷ ᠵᠦᠢ ᠶᠢᠨ ᠣᠨᠴᠠᠯᠢᠭ ᠲᠤ ᠲᠣᠬᠢᠷᠠᠭᠤᠯᠤᠭᠰᠠᠨ ᠴᠡᠬ ᠤᠯᠠᠷᠢᠯ ᠤᠨ ᠲᠣᠭᠠᠨ ᠤ ᠪᠢᠴᠢᠭ ᠢ ᠭᠠᠷᠭᠠᠵᠤ ᠲᠦᠮᠡᠨ ᠣᠯᠠᠨ ᠳᠤ ᠲᠦᠭᠡᠭᠡᠳᠡᠭ ᠪᠠᠢᠵᠠᠢ ᠃
ᠴᠡᠬ ᠲᠣᠭᠠᠨ ᠤ ᠪᠢᠴᠢᠭ ᠤᠨ 20 ᠵᠢᠯ ᠳᠤ ᠵᠣᠷᠢᠭᠤᠯᠤᠭᠰᠠᠨ ᠰᠦᠰᠦᠭ᠍ᠲᠡᠨ ᠦ ᠡᠳᠦᠷᠯᠢᠭ ᠢ ᠡᠷᠳᠡᠨᠢᠮᠠᠨᠳᠤᠯ ᠬᠡᠢᠢᠳ ᠤᠨ ᠬᠢᠨ ᠵᠣᠬᠢᠶᠠᠨ ᠪᠠᠢᠭᠤᠯᠵᠤ᠂ ᠡᠨᠡ ᠦᠶ᠎ᠡ ᠪᠠᠷ ᠠᠷᠪᠠᠨ ᠳᠣᠯᠣᠳᠤᠭᠠᠷ ᠵᠢᠷᠠᠨ ᠤ《ᠡᠯᠳᠡᠪ ᠡᠷᠳᠡᠨᠢᠲᠦ 》ᠭᠡᠮᠡᠬᠦ ᠮᠣᠳᠤᠨ ᠮᠣᠭᠠᠢ ᠵᠢᠯ ᠦᠨ ᠴᠡᠬ ᠲᠣᠭᠠᠨ ᠤ ᠪᠢᠴᠢᠭ ᠬᠡᠳᠦᠢᠨ ᠬᠡᠪᠯᠡᠭ᠍ᠳᠡᠨ ᠨᠡᠢᠲᠡ ᠶᠢᠨ ᠬᠡᠷᠡᠭ᠍ᠴᠡᠭᠡᠨ ᠳᠤ ᠭᠠᠷᠤᠭᠰᠠᠨ ᠢ ᠣᠨᠴᠠᠯᠠᠨ ᠲᠠᠨᠢᠯᠴᠠᠭᠤᠯᠪᠠ ᠃