ᠮᠣᠩᠭᠣᠯ ᠤᠯᠤᠰ ᠤᠨ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠰᠤᠷᠭᠠᠭᠤᠯᠢ ᠶᠢᠨ ᠣᠷᠴᠢᠭᠤᠯᠤᠭ᠌ᠴᠢ ᠂ ᠬᠡᠯᠡᠮᠦᠷᠴᠢ ᠶᠢᠨ ᠮᠡᠷᠭᠡᠰᠢᠯ ᠦᠨ ᠦᠨᠡᠯᠡᠭᠡᠨ ᠤ ᠲᠥᠪ ᠡᠴᠡ ᠣᠷᠴᠢᠭᠤᠯᠤᠭ᠌ᠴᠢ᠂ ᠬᠡᠯᠡᠮᠦᠷᠴᠢ ᠶᠢᠨ ᠵᠡᠷᠭᠡ ᠲᠤᠬᠳᠡᠭᠠᠬᠤ《ᠣᠷᠴᠢᠭᠤᠯᠤᠭ᠌ᠴᠢ ᠶᠢᠨ ᠠᠩᠬᠠᠨ ᠱᠠᠲᠤᠨ ᠤ ᠪᠢᠴᠢᠭ ᠤᠨ ᠣᠷᠴᠢᠭᠤᠯᠭ᠎ᠠ ᠶᠢᠨ ᠴᠣᠭᠴᠠ ᠴᠢᠳᠠᠪᠤᠷᠢ ᠶᠢᠨ ᠲᠤᠷᠰᠢᠯᠲᠠ ᠰᠢᠯᠭᠠᠯᠲᠠ》 ᠶᠢ 2025 ᠣᠨ ᠤ 2 ᠳ᠋ᠤᠭᠠᠷ ᠰᠠᠷ᠎ᠠ ᠶᠢᠨ 15 ᠣ ᠡᠳᠦᠷ ᠵᠣᠬᠢᠶᠠᠨ ᠪᠠᠢᠭᠤᠯᠤᠯ᠎ᠠ᠃
ᠰᠢᠯᠭᠠᠯᠲᠠ ᠳᠤ ᠠᠩᠭ᠍ᠯᠢ ᠬᠡᠯᠡᠨ ᠤ 12 ᠂ ᠬᠢᠲᠠᠳ ᠬᠡᠯᠡᠨ ᠤ 7 ᠂ ᠤᠷᠦᠰ ᠬᠡᠯᠡᠨ ᠤ 3 ᠣᠷᠴᠢᠭᠤᠯᠤᠭ᠌ᠴᠢ ᠰᠠᠢᠨ ᠳᠤᠷ᠎ᠠ ᠪᠠᠷ ᠪᠦᠷᠢᠳᠬᠡᠭᠦᠯᠦᠭ᠍ᠰᠡᠨ ᠢᠶᠡᠷ ᠲᠡᠳᠡᠨ ᠤ ᠡᠬᠡ ᠬᠡᠯᠡ ᠪᠠ ᠭᠠᠳᠠᠭᠠᠳᠤ ᠬᠡᠯᠡᠨ ᠤ ᠮᠡᠳᠡᠯᠭᠡ᠂ ᠭᠠᠳᠠᠭᠠᠳᠤ ᠬᠡᠯᠡ ᠡᠬᠡ ᠬᠡᠯᠡ᠂ ᠡᠬᠡ ᠬᠡᠯᠡ ᠭᠠᠳᠠᠭᠠᠳᠤ ᠬᠡᠯᠡᠨ ᠤ ᠣᠷᠴᠢᠭᠤᠯᠭ᠎ᠠ ᠶᠢᠨ ᠤᠷ᠎ᠠ ᠴᠢᠳᠠᠪᠤᠷᠢ ᠶᠢ ᠰᠤᠷᠢᠬᠤ ᠪᠠᠷ ᠪᠢᠴᠢᠭ ᠤᠨ ᠣᠷᠴᠢᠭᠤᠯᠭ᠎ᠠ ᠶᠢᠨ ᠴᠣᠭᠴᠠ ᠴᠢᠳᠠᠪᠤᠷᠢ ᠶᠢ ᠰᠢᠯᠭᠠᠭᠰᠠᠨ ᠪᠡᠢᠨ᠎ᠡ ᠃ ᠰᠢᠯᠭᠠᠯᠲᠠ ᠪᠠᠷ ᠣᠷᠴᠢᠭᠤᠯᠤᠭ᠌ᠴᠢ ᠶᠢᠨ ᠤᠷ᠎ᠠ ᠴᠢᠳᠠᠪᠤᠷᠢ ᠠᠩᠬᠠᠨ ᠱᠠᠲᠤᠨ ᠤ ᠲᠦᠪᠰᠢᠨ ᠳᠦ ᠬᠦᠷᠦᠭ᠍ᠰᠡᠨ ᠨᠢ ᠲᠣᠭᠲᠠᠭᠠᠭᠳᠠᠪᠠᠯ ᠭᠤᠷᠪᠠᠳᠤᠭᠠᠷ ᠵᠡᠷᠭᠡ ᠶᠢ ᠪᠠᠲᠤᠯᠠᠮᠵᠢᠯᠠᠭᠰᠠᠨ ᠭᠡᠷᠡᠴᠢᠯᠡᠯᠭᠡ ᠣᠯᠭᠤᠬᠤ ᠶᠤᠮ᠃