ᠮᠣᠷᠢᠨ ᠤ ᠳᠠᠪᠠᠭᠠᠨ ᠤ ᠦᠢᠯᠡᠳᠪᠦᠷᠢ ᠲᠦ ᠡᠳᠦᠷ ᠲᠤ 100 ᠲᠣᠨ ᠬᠣᠭ ᠪᠣᠯᠪᠠᠰᠤᠷᠠᠭᠤᠯᠤᠨ᠎ᠠ | News.MN

ᠮᠣᠷᠢᠨ ᠤ ᠳᠠᠪᠠᠭᠠᠨ ᠤ ᠦᠢᠯᠡᠳᠪᠦᠷᠢ ᠲᠦ ᠡᠳᠦᠷ ᠲᠤ 100 ᠲᠣᠨ ᠬᠣᠭ ᠪᠣᠯᠪᠠᠰᠤᠷᠠᠭᠤᠯᠤᠨ᠎ᠠ

ᠨᠡᠢᠰᠯᠡᠯ ᠦᠨ ᠬᠠᠨ ᠠᠭᠤᠯᠠ ᠳᠡᠭᠦᠷᠭᠡ ᠳ᠋ᠡᠬᠢ ᠮᠣᠷᠢᠨ ᠤ ᠳᠠᠪᠠᠭᠠᠨ ᠤ ᠪᠠᠷᠢᠯᠭ᠎ᠠ ᠶᠢᠨ ᠬᠠᠲᠠᠭᠤ ᠬᠣᠭ ᠬᠠᠶᠠᠭᠳᠠᠯ ᠳᠠᠬᠢᠨ ᠪᠣᠯᠪᠠᠰᠤᠷᠠᠭᠤᠯᠬᠤ ᠦᠢᠯᠡᠳᠪᠦᠷᠢ ᠡᠳᠦᠷ ᠲᠤ 100 ᠲᠣᠨ ᠬᠣᠭ ᠪᠣᠯᠪᠠᠰᠤᠷᠠᠭᠤᠯᠤᠨ᠎ᠠ᠃ ᠦᠢᠯᠡᠳᠪᠦᠷᠢ ᠨᠢ ᠪᠠᠢᠭᠠᠯᠢ ᠣᠷᠴᠢᠨ ᠳᠤ ᠰᠥᠷᠭᠦ ᠨᠥᠯᠥᠭᠡ ᠦᠭᠡᠢ᠂ ᠡᠷᠡᠭᠦᠯ ᠠᠬᠤᠢ ᠶᠢᠨ ᠱᠠᠭᠠᠷᠳᠠᠯᠭ᠎ᠠ ᠬᠠᠩᠭᠠᠭᠰᠠᠨ 8.5 ᠰᠠᠶ᠎ᠠ ᠲᠣᠨ ᠬᠣᠭ ᠬᠠᠶᠠᠭᠳᠠᠯ ᠢ ᠬᠦᠯᠢᠶᠡᠵᠦ ᠠᠪᠬᠤ ᠬᠦᠴᠦᠨ ᠴᠢᠳᠠᠯ ᠲᠠᠢ᠃

《ᠤᠯᠠᠭᠠᠨᠪᠠᠭᠠᠲᠤᠷ ᠬᠣᠲᠠ ᠶᠢᠨ ᠬᠠᠲᠠᠭᠤ ᠬᠣᠭ ᠬᠠᠶᠠᠭᠳᠠᠯ ᠤᠨ ᠪᠠᠢᠭᠤᠯᠤᠮᠵᠢ ᠶᠢ ᠰᠢᠨᠡᠴᠢᠯᠡᠬᠦ 》ᠲᠥᠰᠥᠯ ᠦᠨ ᠬᠦᠷᠢᠶᠡᠨ ᠳᠤ ᠡᠸᠦ᠋ᠷᠦᠫᠡ ᠶᠢᠨ ᠰᠡᠷᠭᠦᠭᠡᠨ ᠪᠣᠰᠬᠠᠯᠲᠠ ᠂ ᠬᠥᠭ᠍ᠵᠢᠯ ᠤᠨ ᠪᠠᠩᠬᠢᠨ ᠤ ᠰᠠᠩᠬᠦᠦᠵᠢᠯᠲᠡ᠂ ᠡᠸᠦ᠋ᠷᠦᠫᠡ ᠶᠢᠨ ᠬᠣᠯᠪᠤᠭᠠᠨ ᠤ ᠪᠤᠴᠠᠯᠲᠠ ᠦᠭᠡᠢ ᠲᠤᠰᠠᠯᠠᠮᠵᠢ ᠪᠠᠷ ᠪᠠᠷᠢᠭ᠌ᠰᠠᠨ ᠲᠤᠰ ᠦᠢᠯᠡᠳᠪᠦᠷᠢ ᠨᠢ ᠡᠷᠡᠭᠦᠯ ᠠᠬᠤᠢ ᠶᠢᠨ ᠱᠠᠭᠠᠷᠳᠠᠯᠭ᠎ᠠ ᠬᠠᠩᠭᠠᠭᠰᠠᠨ ᠰᠢᠨ᠎ᠡ  ᠯᠠᠨᠳ᠋ᠹᠢᠯ ᠤᠨ ᠪᠠᠢᠭᠤᠯᠤᠮᠵᠢ ᠂ ᠪᠠᠷᠢᠯᠭ᠎ᠠ ᠶᠢᠨ ᠬᠣᠭ ᠪᠤᠲᠠᠯᠬᠤ ᠠᠩᠭᠢᠯᠠᠬᠤ ᠦᠢᠯᠡᠳᠪᠦᠷᠢ ᠶᠢᠨ ᠲᠠᠯᠠᠪᠠᠢ ᠂ ᠮᠠᠰᠢᠨ ᠮᠸᠬᠠᠨᠢᠰᠮ ᠤᠨ ᠭᠠᠷᠠᠰᠢ ᠂ ᠣᠣᠹᠢᠰ ᠤᠨ ᠪᠠᠷᠢᠯᠭ᠎ᠠ ᠠᠴᠠ  ᠪᠦᠷᠢᠳᠦᠵᠡᠢ᠃

ᠤᠯᠠᠭᠠᠨᠪᠠᠭᠠᠲᠤᠷ ᠬᠣᠲᠠ ᠳᠤ ᠬᠣᠭ ᠤᠨ ᠲᠥᠪᠯᠡᠷᠡᠭ᠍ᠰᠡᠨ ᠭᠤᠷᠪᠠᠨ ᠴᠡᠭ ᠲᠤ ᠵᠢᠯ ᠳᠤ ᠳᠤᠮᠳᠠᠴᠢ ᠪᠡᠷ 1.4 ᠰᠠᠶ᠎ᠠ ᠣᠷᠴᠢᠮ ᠲᠣᠨ ᠬᠣᠭ ᠬᠠᠶᠠᠭᠳᠠᠯ ᠴᠤᠭᠯᠠᠷᠠᠳᠠᠭ ᠃ ᠨᠡᠢᠲᠡ ᠬᠣᠭ ᠬᠠᠶᠠᠭᠳᠠᠯ ᠤᠨ 11.4 ᠬᠤᠪᠢ ᠶᠢ ᠳᠠᠬᠢᠨ ᠪᠣᠯᠪᠠᠰᠤᠷᠠᠭᠤᠯᠵᠤ ᠂ 88.6 ᠬᠤᠪᠢ ᠶᠢ ᠪᠤᠯᠠᠵᠤ ᠤᠰᠠᠳᠬᠠᠳᠠᠭ ᠃ ᠡᠭᠦᠨ ᠦ 20-30 ᠬᠤᠪᠢ ᠶᠢ ᠪᠠᠷᠢᠯᠭ᠎ᠠ ᠶᠢᠨ ᠬᠣᠭ ᠡᠵᠡᠯᠡᠳᠡᠭ ᠪᠡᠢᠢᠨ᠎ᠡ ᠃

ᠰᠡᠳᠬᠢᠭᠳᠡᠯ ᠦᠯᠡᠳᠡᠭᠡᠬᠦ