ᠣᠨᠴᠠᠭᠠᠢ ᠪᠠᠢᠳᠠᠯ ᠤᠨ ᠬᠢᠨ ᠮᠣᠩᠭᠣᠯ ᠪᠢᠴᠢᠭ ᠤᠨ ᠮᠡᠳᠡᠯᠭᠡ ᠪᠡᠷ ᠢᠶᠡᠨ ᠥᠷᠢᠰᠦᠯᠳᠦᠵᠡᠢ | News.MN

ᠣᠨᠴᠠᠭᠠᠢ ᠪᠠᠢᠳᠠᠯ ᠤᠨ ᠬᠢᠨ ᠮᠣᠩᠭᠣᠯ ᠪᠢᠴᠢᠭ ᠤᠨ ᠮᠡᠳᠡᠯᠭᠡ ᠪᠡᠷ ᠢᠶᠡᠨ ᠥᠷᠢᠰᠦᠯᠳᠦᠵᠡᠢ

ᠵᠠᠪᠬᠠᠨ ᠠᠢᠮᠠᠭ ᠤᠨ ᠲᠣᠰᠤᠨᠴᠡᠩᠭᠡᠯ ᠰᠤᠮᠤ ᠶᠢᠨ ᠣᠨᠴᠠᠭᠠᠢ ᠪᠠᠢᠳᠠᠯ ᠤᠨ ᠬᠡᠯᠲᠡᠰ《ᠦᠨᠳᠦᠰᠦᠨ ᠤ ᠪᠢᠴᠢᠭ ᠂ ᠥᠪ ᠤᠯᠠᠮᠵᠢᠯᠠᠯ ᠠᠴᠠ ᠪᠠᠨ ᠰᠤᠷᠤᠯᠴᠠᠶ᠎ᠠ》ᠦᠢᠯᠡ ᠠᠵᠢᠯᠯᠠᠭ᠎ᠠ ᠶᠢ ᠵᠣᠬᠢᠶᠠᠨ ᠪᠠᠢᠭᠤᠯᠵᠠᠢ᠃《ᠮᠣᠩᠭᠣᠯ ᠬᠡᠯᠡᠨ ᠤ ᠲᠤᠬᠠᠶ》ᠬᠠᠤᠯᠢ ᠶᠢᠨ ᠳᠠᠭᠠᠤ ᠲᠥᠷᠦ ᠶᠢᠨ ᠠᠯᠪᠠᠨ ᠬᠡᠷᠡᠭ ᠢ ᠨᠢᠭᠡᠳᠦᠭᠡᠷ ᠰᠠᠷ᠎ᠠ ᠶᠢᠨ 2 ‍ᠣ ᠡᠳᠦᠷ ᠡᠴᠡ ᠺᠢᠷᠢᠯᠯ ᠂ ᠮᠣᠩᠭᠣᠯ ᠪᠢᠴᠢᠭ ᠢᠶᠡᠷ ᠬᠣᠣᠰᠯᠠᠭᠤᠯᠤᠨ ᠬᠥᠲᠥᠯᠵᠦ ᠡᠬᠢᠯᠡᠭ᠍ᠰᠡᠨ ᠃

ᠡᠭᠦᠨ ᠲᠠᠢ ᠬᠣᠯᠪᠣᠭ᠎ᠠ ᠲᠠᠢ ᠲᠤᠰ ᠬᠡᠯᠲᠡᠰ ᠦᠨ ᠠᠯᠪᠠᠨ ᠬᠠᠭᠠᠭ᠌ᠴᠢᠳ ᠮᠣᠩᠭᠣᠯ ᠪᠢᠴᠢᠭ ᠤᠨ ᠮᠡᠳᠡᠯᠭᠡ ᠪᠡᠨ ᠪᠠᠲᠤᠳᠬᠠᠬᠤ ᠰᠤᠷᠭᠠᠯᠲᠠ ᠶᠢ ᠶᠠᠪᠤᠭᠤᠯᠵᠤ᠂  ᠴᠠᠬᠢᠮ ᠣᠷᠴᠢᠨ ᠳᠤ ᠪᠢᠴᠢᠬᠦ ᠂ ᠠᠯᠪᠠᠨ ᠬᠡᠷᠡᠭ᠍ᠴᠡᠭᠡᠨ ᠳᠡᠬᠡᠨ ᠬᠣᠣᠰ ᠪᠢᠴᠢᠭ ᠢᠶᠡᠨ ᠬᠡᠷᠬᠢᠨ ᠠᠰᠢᠭ᠌ᠯᠠᠬᠤ ᠂ ᠢᠯᠠᠩᠭᠤᠶ᠎ᠠ ᠺᠣᠮᠫᠢᠦ᠋ᠲ᠋ᠧᠷ ᠳᠡᠭᠡᠷ᠎ᠡ ᠬᠡᠷᠬᠢᠨ ᠪᠢᠴᠢᠵᠦ ᠠᠰᠢᠭ᠌ᠯᠠᠬᠤ ᠲᠠᠯ᠎ᠠ ᠪᠠᠷ ᠵᠢᠭᠠᠯᠭᠠᠭᠰᠠᠨ ᠪᠡᠢᠨ᠎ᠡ ᠃ ᠮᠥᠨ ᠰᠡᠢᠬᠠᠠ ᠪᠢᠴᠢᠭ᠍ᠲᠡᠨ ᠂ ᠤᠷᠠᠨ ᠤᠩᠰᠢᠯᠭ᠎ᠠ ᠂ ᠪᠦᠲᠦᠭᠡᠯᠴᠢ ᠠᠵᠢᠯ ᠂ ᠠᠰᠠᠭᠤᠯᠲᠠ ᠬᠠᠷᠢᠭᠤᠯᠲᠠ ᠶᠢᠨ ᠲᠡᠮᠡᠴᠡᠭᠡᠨ ᠨᠦᠭᠦᠳ ᠶᠠᠪᠤᠭᠤᠯᠵᠤ ᠳ᠋ᠦᠩᠨᠡᠯ᠎ᠡ ᠃

ᠰᠡᠳᠬᠢᠭᠳᠡᠯ ᠦᠯᠡᠳᠡᠭᠡᠬᠦ