ᠬᠠᠨᠠᠭᠤᠯᠠ ᠳᠡᠭᠦᠷᠭᠡ ᠶ᠋ᠢᠨ 12 ᠳ᠋ᠤᠭᠠᠷ ᠬᠣᠷᠢᠶ᠎ᠠ᠂ ᠮᠣᠷᠢᠨ ᠤ ᠳᠠᠪᠠᠭᠠᠨ ᠳ᠋ᠤ ᠬᠠᠲᠠᠭᠤ ᠬᠣᠭ ᠬᠠᠶᠠᠭᠳᠠᠯ ᠳᠠᠬᠢᠨ ᠪᠣᠯᠪᠠᠰᠤᠷᠠᠭᠤᠯᠬᠤ ᠦᠢᠯᠡᠳᠪᠦᠷᠢ ᠶ᠋ᠢᠨ ᠪᠠᠷᠢᠯᠭ᠎ᠠ ᠶ᠋ᠢᠨ ᠠᠵᠢᠯ ᠳᠠᠭᠤᠰᠵᠤ᠂ ᠤᠯᠤᠰ ᠤᠨ ᠺᠣᠮᠢᠰᠰ ᠲᠦ ᠬᠦᠯᠢᠶᠡᠯᠭᠡᠨ ᠥᠭᠴᠡᠢ᠃ ᠤᠭ ᠦᠢᠯᠡᠳᠪᠦᠷᠢ ᠨᠢ 85 ᠰᠠᠶ᠎ᠠ ᠲᠤᠨ ᠬᠣᠭ ᠬᠠᠶᠠᠭᠳᠠᠯ ᠬᠦᠯᠢᠶᠡᠨ ᠠᠪᠬᠤ ᠴᠢᠳᠠᠯ ᠲᠠᠢ ᠡᠴᠡ ᠭᠠᠳᠠᠨ᠎ᠠ ᠡᠳᠦᠷ ᠲᠦ 100 ᠲᠤᠨ ᠪᠠᠷᠢᠯᠭ᠎ᠠ ᠶ᠋ᠢᠨ ᠬᠠᠲᠠᠭᠤ ᠬᠣᠭ ᠊ᠢ ᠳᠠᠬᠢᠨ ᠪᠣᠯᠪᠠᠰᠤᠷᠠᠭᠤᠯᠬᠤ ᠪᠣᠯᠤᠮᠵᠢᠲᠠᠢ ᠶᠤᠮ᠃ ᠬᠣᠲᠠ ᠶ᠋ᠢᠨ ᠬᠡᠮᠵᠢᠶᠡᠨ ᠳ᠋ᠦ ᠲᠥᠪᠯᠡᠷᠡᠭᠰᠡᠨ ᠭᠤᠷᠪᠠᠨ ᠬᠣᠭ ᠤᠨ ᠴᠡᠭ ᠲᠦ ᠵᠢᠯ ᠳ᠋ᠦ 1.4 ᠰᠠᠶ᠎ᠠ ᠣᠷᠴᠢᠮ ᠬᠣᠭ ᠴᠤᠭᠯᠠᠷᠠᠳᠠᠭ᠃ ᠡᠭᠦᠨ ᠦ 11.4 ᠬᠤᠪᠢ ᠶ᠋ᠢ ᠳᠠᠬᠢᠨ ᠪᠣᠯᠪᠠᠰᠤᠷᠠᠭᠤᠯᠵᠤ᠂ 88.6 ᠬᠤᠪᠢ ᠶ᠋ᠢ ᠪᠤᠯᠠᠵᠤ ᠤᠰᠠᠳᠬᠠᠵᠤ ᠪᠠᠢᠨ᠎ᠠ᠃