ᠮᠣᠩᠭᠣᠯ ᠤᠯᠤᠰ ᠤᠨ ᠲᠥᠰᠦᠪ ᠤᠨ ᠣᠷᠣᠯᠭ᠎ᠠ ᠶᠢ ᠪᠦᠷᠢᠳᠦᠭᠦᠯᠬᠦ ᠳ᠋ᠦ ᠲᠣᠮᠣ ᠬᠤᠪᠢ ᠨᠡᠮᠡᠷᠢ ᠣᠷᠣᠭᠤᠯᠵᠤ ᠢᠷᠡᠭᠰᠡᠨ ᠨᠡᠭᠦᠷᠡᠰᠦᠨ ᠦ ᠦᠨ᠎ᠡ 2024 ᠣᠨ ᠤ ᠨᠢᠭᠡᠳᠦᠭᠡᠷ ᠤᠯᠠᠷᠢᠯ ᠡᠴᠡ ᠡᠬᠢᠯᠡᠨ ᠤᠨᠠᠭᠰᠠᠭᠠᠷ ᠥᠨᠥᠳᠥᠷ ᠤᠨ ᠪᠠᠢᠳᠠᠯ ᠶ᠋ᠢᠠᠷ 44 ᠬᠤᠪᠢ ᠪᠤᠶᠤ 81 ᠳ᠋ᠣᠯᠯᠠᠷ ᠪᠣᠯᠵᠤ ᠪᠠᠭᠤᠷᠠᠭᠰᠠᠨ ᠪᠠᠢᠨ᠎ᠠ᠃ ᠡᠨᠡ ᠵᠢᠯ 83 ᠰᠠᠶ᠎ᠠ ᠲᠤᠨ ᠨᠡᠭᠦᠷᠡᠰᠦ ᠣᠯᠪᠤᠷᠢᠯᠠᠬᠤ ᠵᠣᠷᠢᠯᠲᠠ ᠲᠠᠯᠪᠢᠬᠰᠠᠨ ᠴᠤ ᠦᠨ᠎ᠡ ᠶ᠋ᠢᠨ ᠤᠨᠠᠭᠰᠠᠨ ᠪᠠᠢᠳᠠᠯ ᠊ᠢ ᠲᠣᠭᠠᠴᠠᠪᠠᠯ ᠬᠡᠮᠵᠢᠶ᠎ᠡ ᠶ᠋ᠢ ᠲᠥᠯᠥᠪᠯᠡᠭᠰᠡᠨ ᠡᠴᠡ 8 ᠰᠠᠶ᠎ᠠ ᠲᠤᠨ ᠠᠴᠠ ᠢᠯᠡᠭᠦᠦ ᠶ᠋ᠢ ᠭᠠᠷᠭᠠᠵᠤ ᠪᠠᠢᠵᠤ᠂ ᠣᠷᠣᠯᠭ᠎ᠠ ᠪᠠᠨ 100 ᠬᠤᠪᠢ ᠪᠠᠷᠢᠬᠤ ᠠᠵᠠᠢ᠃ ᠬᠢᠯᠢ ᠨᠡᠪᠲᠡᠷᠡᠭᠦᠯᠬᠦ ᠴᠢᠳᠠᠪᠤᠷᠢ ᠶ᠋ᠢ ᠨᠡᠮᠡᠭᠳᠡᠭᠦᠯᠦᠭᠰᠡᠨ ᠶ᠋ᠢᠡᠷ ᠨᠡᠭᠦᠷᠡᠰᠦᠨ ᠦ ᠣᠷᠣᠯᠭ᠎ᠠ ᠶ᠋ᠢ ᠲᠥᠯᠥᠪᠯᠡᠭᠰᠡᠨ ᠬᠡᠮᠵᠢᠶᠡᠨ ᠳ᠋ᠦ ᠬᠦᠷᠭᠡᠬᠦ ᠪᠣᠯᠤᠯᠴᠠᠭ᠎ᠠ ᠲᠠᠢ ᠭᠡᠵᠦ ᠬᠣᠯᠪᠣᠭᠳᠠᠬᠤ ᠠᠯᠪᠠᠨ ᠤ ᠬᠥᠮᠦᠰ ᠮᠡᠳᠡᠭᠦᠯᠵᠡᠢ᠃