︽ᠠᠮᠤᠷ ᠪᠠᠶ᠋ᠢᠨ᠎ᠠ ᠤᠤ—2025︾ ᠥᠷᠭᠡᠳᠭᠡᠭ᠍ᠰᠡᠨ ᠬᠤᠳᠠᠯᠳᠤᠭᠠᠨ ᠳ᠋ᠤ ᠨᠡᠢᠰᠯᠡᠯ ᠪᠣᠯᠤᠨ 21 ᠠᠢᠮᠠᠭ ᠤᠨ 1000 ᠭᠠᠷᠤᠢ ᠵᠢ᠊᠂ ᠲᠣ᠊᠂ ᠦ᠊ ᠤᠷᠠᠯᠴᠠᠵᠤ ᠪᠠᠢᠨ᠎ᠠ᠃ ᠮᠣᠩᠭᠣᠯᠴᠤᠳ ᠰᠠᠷ᠎ᠠ ᠰᠢᠨ᠎ᠡ ᠶ᠋ᠢᠨ ᠬᠡᠷᠡᠭᠴᠡᠭᠡᠨ ᠳ᠋ᠡᠭᠡᠨ ᠵᠣᠷᠢᠭᠤᠯᠤᠨ 1.3 ᠶᠡᠬᠡ ᠨᠠᠶᠤᠳ ᠲᠥᠭᠥᠷᠢᠭ ᠵᠠᠷᠤᠴᠠᠭᠤᠯᠳᠠᠭ᠃ ᠡᠭᠦᠨ ᠦ 70 ᠭᠠᠷᠤᠢ ᠬᠤᠪᠢ ᠪᠠᠷ ᠢᠮᠫᠣᠷᠲ ᠤᠨ ᠪᠠᠷᠠᠭ᠎ᠠ ᠪᠦᠲᠦᠭᠡᠭᠳᠡᠬᠦᠨ ᠬᠤᠳᠠᠯᠳᠤᠨ ᠠᠪᠴᠤ ᠭᠠᠳᠠᠭᠰᠢ ᠨᠢ ᠤᠷᠤᠰᠬᠠᠳᠠᠭ᠃ ᠢᠢᠮ ᠳ᠋ᠦ ᠥᠷᠭᠡᠳᠭᠡᠭ᠍ᠰᠡᠨ ᠬᠤᠳᠠᠯᠳᠤᠭ᠎ᠠ ᠶ᠋ᠢ ᠵᠣᠬᠢᠶᠠᠨ ᠪᠠᠢᠭᠤᠯᠤᠭᠰᠠᠨ ᠶ᠋ᠢᠠᠷ ᠳᠡᠭᠡᠷᠡᠬᠢ ᠮᠥᠩᠭᠥ ᠶ᠋ᠢ ᠡᠬᠡ ᠣᠷᠣᠨ ᠳ᠋ᠠᠭᠠᠨ ᠦᠯᠡᠳᠡᠭᠡᠬᠦ ᠪᠣᠯᠤᠮᠵᠢᠲᠠᠢ ᠪᠣᠯᠬᠤ ᠶᠤᠮ᠃ ᠨᠡᠢᠰᠯᠡᠯ ᠤᠨ ᠵᠦᠭ ᠡᠴᠡ ᠵᠢ᠊᠂ ᠲᠣ᠊᠂ ᠡᠷᠬᠢᠯᠡᠭᠴᠢᠳ ᠠᠴᠠ ᠲᠦᠷᠢᠶᠡᠰᠦ ᠶᠢᠨ ᠲᠥᠯᠥᠪᠦᠷᠢ ᠠᠪᠬᠤ ᠦᠭᠡᠢ᠂ ᠤᠷᠤᠰᠬᠠᠯ ᠵᠠᠷᠤᠳᠠᠯ ᠊ᠢ ᠬᠠᠷᠢᠭᠤᠴᠠᠵᠤ ᠪᠠᠢᠭ᠎ᠠ ᠶᠤᠮ᠃