ᠦᠨᠳᠦᠰᠦᠨ ᠦ ᠪᠠᠶᠠᠷ ᠊ᠢ ᠲᠣᠬᠢᠶᠠᠯᠳᠤᠭᠤᠯᠤᠨ ᠱᠠᠭᠠᠢ ᠶ᠋ᠢᠨ ᠬᠠᠷᠪᠤᠭᠠᠨ ᠤ᠂ ᠲᠡᠮᠡᠴᠡᠭᠡᠨ ᠊ᠢ ᠪᠥᠬᠡ ᠶ᠋ᠢᠨ ᠥᠷᠭᠦᠭᠡᠨ ᠳ᠋ᠦ ᠵᠣᠬᠢᠶᠠᠨ ᠪᠠᠢᠭᠤᠯᠤᠯ᠎ᠠ᠃ ︽ᠡᠬᠡ ᠰᠢᠪᠦᠭᠡ ᠶ᠋ᠢᠨ ᠡᠵᠡᠳ︾ᠦᠨᠳᠦᠰᠦᠨ ᠦ ᠪᠥᠬᠡᠴᠦᠳ᠂ ᠱᠠᠭᠠᠢ ᠶ᠋ᠢᠨ ᠬᠠᠷᠪᠤᠭᠠᠴᠢᠳ ᠤᠨ ᠬᠠᠮᠲᠤᠷᠠᠭᠰᠠᠨ ᠦᠨᠳᠦᠰᠦᠨ ᠦ ᠱᠠᠭᠠᠢ ᠶ᠋ᠢᠨ ᠬᠠᠷᠪᠤᠭᠠᠨ ᠤ ᠪᠥᠬᠡᠴᠦᠳ ᠦᠨ ᠴᠤᠪᠠᠭᠠ ᠬᠠᠷᠪᠤᠭᠠᠨ ᠤ ᠲᠥᠷᠦᠯ ᠳᠦ ᠠᠷᠤᠬᠠᠩᠭᠠᠢ ᠠᠢᠮᠠᠭ ᠤᠨ ᠪᠠᠲᠤᠴᠡᠩᠭᠡᠯ ᠰᠤᠮᠤ ᠶ᠋ᠢᠨ ᠬᠠᠷᠢᠶᠠᠲᠤ᠂ ᠮᠣᠩᠭᠣᠯ ᠤᠯᠤᠰ ᠤᠨ ᠭᠠᠪᠢᠶᠠᠲᠤ ᠲᠠᠮᠢᠷᠴᠢᠨ᠂ ᠬᠥᠳᠡᠯᠮᠦᠷᠢ ᠶ᠋ᠢᠨ ᠪᠠᠭᠠᠲᠤᠷ᠂ ᠮᠣᠩᠭᠣᠯ ᠤᠯᠤᠰ ᠤᠨ ᠳᠠᠶᠠᠭᠠᠷ ᠳᠠᠭᠤᠷᠢᠰᠤᠭᠳᠠᠬᠤ ᠳᠠᠷᠬᠠᠨ ᠠᠪᠤᠷᠭᠤ ᠭ᠂ ᠥᠰᠬᠦᠪᠠᠶᠠᠷ ᠲᠡᠷᠢᠭᠦᠯᠡᠯ᠎ᠡ᠃