《ᠬᠠᠭᠠᠨ》ᠦᠵᠡᠰᠬᠦᠯᠡᠩ ᠢ ᠳᠡᠯᠭᠡᠪᠡ | News.MN

《ᠬᠠᠭᠠᠨ》ᠦᠵᠡᠰᠬᠦᠯᠡᠩ ᠢ ᠳᠡᠯᠭᠡᠪᠡ

《ᠶᠡᠭᠡ ᠬᠠᠭᠠᠨ》ᠤᠷᠠᠨ ᠪᠦᠲᠦᠭᠡᠯ ᠤᠨ ᠨᠢᠭᠡᠳᠦᠯ ᠡᠴᠡ   ᠮᠣᠩᠭᠣᠯ ᠤᠨ ᠰᠢᠳᠦᠭᠡᠠ ᠶᠡᠭᠡ ᠮᠣᠩᠭᠣᠯ ᠤᠯᠤᠰ ᠤᠨ ᠳᠠᠯᠠᠢ ᠶᠡᠭᠡ ᠴᠢᠩᠭᠢᠰ ᠬᠠᠭᠠᠨ ᠂ ᠥᠭᠡᠳᠡᠢ ᠬᠠᠭᠠᠨ ᠂ ᠬᠤᠪᠢᠯᠠᠢ ᠬᠠᠭᠠᠨ ᠤ ᠴᠡᠭᠡᠵᠢ ᠪᠠᠷᠢᠮᠠᠯ ᠬᠥᠷᠥᠭ ᠢ ᠪᠦᠲᠦᠭᠡᠵᠦ᠂《ᠴᠢᠩᠭᠢᠰ ᠬᠠᠭᠠᠨ》 ᠦᠨᠳᠦᠰᠦᠨ ᠤ ᠮᠦᠽᠧᠢ ᠶᠢᠨ ᠦᠵᠡᠰᠬᠦᠯᠡᠩ ᠤᠨ ᠲᠠᠩᠬᠢᠮ ᠳᠤ ᠥᠨᠥᠳᠥᠷ ᠳᠡᠯᠭᠡᠯ᠎ᠡ ᠃

ᠲᠡᠳᠡᠭᠡᠷ ᠬᠠᠭᠠᠳ ᠤᠨ ᠴᠡᠭᠡᠵᠢ ᠪᠠᠷᠢᠮᠠᠯ ᠬᠥᠷᠥᠭ ᠢ   ᠮᠣᠩᠭᠣᠯ ᠤᠨ ᠡᠵᠡᠨᠲᠦ ᠭᠦᠷᠦᠨ ᠤ ᠲᠡᠦᠬᠡᠨ ᠰᠤᠷᠪᠤᠯᠵᠢ ᠂ ᠵᠤᠬᠢᠶᠡᠯ ᠪᠦᠲᠦᠭᠡᠯ ᠢ ᠰᠤᠳᠤᠯᠤᠨ᠂ ᠲᠠᠢᠸᠠᠨ ᠤ ᠦᠨᠳᠦᠰᠦᠨ ᠤ ᠮᠦᠽᠧᠢ ᠳᠦ ᠬᠠᠳᠠᠭᠠᠯᠠᠭᠳᠠᠵᠤ ᠪᠤᠶ ᠶᠡᠭᠡ ᠮᠣᠩᠭᠣᠯ ᠤᠯᠤᠰ ᠤᠨ ᠭᠤᠷᠪᠠᠨ ᠦᠶ᠎ᠡ ᠶᠢᠨ ᠴᠢᠩᠭᠢᠰ᠂ ᠥᠭᠡᠳᠡᠢ᠂ ᠬᠤᠪᠢᠯᠠᠢ ᠬᠠᠭᠠᠨ ᠤ ᠡᠰᠢ ᠬᠥᠷᠦᠭ ᠂ ᠶᠤᠸᠠᠨ ᠭᠦᠷᠦᠨ ᠤ ᠣᠷᠳᠣᠨ ᠤ ᠵᠢᠷᠤᠭᠠᠴᠢ ᠯᠢᠦ  ᠭᠤᠸᠠᠨ ᠳ᠋ᠤᠤ ᠶᠢᠨ《ᠬᠤᠪᠢᠯᠠᠢ ᠬᠠᠭᠠᠨ ᠠᠪᠠ ᠳ᠋ᠤ ᠮᠣᠷᠳᠠᠭᠰᠠᠨ ᠨᠢ》ᠪᠦᠲᠦᠭᠡᠯ ᠂ ᠲᠥᠷᠦ ᠶᠢᠨ ᠱᠠᠩᠨᠠᠯᠲᠤ ᠂ ᠠᠷᠠᠳ ᠤᠨ ᠵᠢᠷᠤᠭᠠᠴᠢ ᠦ‍᠎∙ ᠢᠳᠠᠮᠰᠦ᠋ᠷᠤᠩ ᠭᠤᠸᠠᠢ ᠶᠢᠨ《ᠴᠢᠩᠭᠢᠰ ᠬᠠᠭᠠᠨ》᠂ 《ᠡᠪᠦᠭᠡᠨ  ᠬᠤᠭᠤᠷᠴᠢ》ᠵᠡᠷᠭᠡ ᠲᠡᠦᠬᠡᠨ ᠪᠦᠲᠦᠭᠡᠯ ᠳᠤ ᠦᠨᠳᠦᠰᠦᠯᠡᠨ ᠤᠷᠠᠯᠠᠵᠠᠢ ᠃

ᠰᠡᠳᠬᠢᠭᠳᠡᠯ ᠦᠯᠡᠳᠡᠭᠡᠬᠦ