ᠮᠣᠩᠭᠣᠯ ᠤᠨ ᠦᠨᠳᠦᠰᠦᠨ ᠤ ᠪᠥᠬᠡ ᠶᠢᠨ ᠬᠣᠯᠪᠣᠭ᠎ᠠ᠂ ᠮᠣᠩᠭᠣᠯ ᠤᠨ ᠬᠡᠦᠬᠡᠳ ᠤᠨ ᠣᠷᠳᠣᠨ ᠲᠠᠢ ᠬᠠᠮᠲᠤᠷᠠᠨ ᠠᠷᠪᠠᠨ ᠳᠣᠯᠣᠳᠤᠭᠠᠷ ᠵᠢᠷᠠᠨ ᠤ《ᠡᠯᠳᠡᠪ ᠡᠷᠳᠡᠨᠢ》ᠭᠡᠮᠡᠬᠦ ᠮᠣᠳᠤᠨ ᠮᠣᠭᠠᠢ ᠵᠢᠯ ᠦᠨ ᠰᠠᠷ᠎ᠠ ᠰᠢᠨ᠎ᠡ ᠶᠢᠨ ᠪᠠᠶᠠᠷ ᠲᠤ ᠵᠣᠷᠢᠭᠤᠯᠤᠭᠰᠠᠨ ᠥᠰᠪᠦᠷᠢ ᠶᠢᠨ ᠪᠥᠬᠡ ᠶᠢᠨ ᠪᠠᠷᠢᠯᠳᠤᠭᠠᠨ ᠢ ᠭᠤᠷᠪᠠᠨ ᠨᠠᠰᠤᠨ ᠤ ᠠᠠᠩᠭᠢᠯᠠᠯ ᠢᠶᠠᠷ ᠵᠣᠬᠢᠶᠠᠨ ᠪᠠᠢᠭᠤᠯᠤᠯ᠎ᠠ ᠃
11-12 ᠨᠠᠰᠤᠨ ᠳᠤ 64 ᠪᠥᠬᠡ ᠪᠠᠷᠢᠯᠳᠤᠭᠰᠠᠨ ᠠᠴᠠ ᠡᠮᠦᠨᠡᠭᠤᠪᠢ ᠠᠢᠮᠠᠭ ᠤᠨ ᠴᠣᠭᠲᠤᠴᠡᠴᠡᠢ ᠰᠤᠮᠤ ᠶᠢᠨ ᠬᠠᠷᠢᠶᠡᠳᠦ ᠠ∙ ᠠᠯᠲᠠᠨ ᠡᠷᠳᠡᠨᠢ ᠲᠦᠷᠦᠭᠦᠯᠡᠪᠡ᠃ 13-14 ᠨᠠᠰᠤᠨ ᠳᠤ 92 ᠬᠡᠦᠬᠡᠳ ᠪᠠᠷᠢᠯᠳᠤᠭᠰᠠᠨ ᠠᠴᠠ ᠰᠡᠯᠡᠩᠭᠡ ᠠᠢᠮᠠᠭ ᠤᠨ ᠰᠦᠬᠡᠪᠠᠭᠠᠲᠤᠷ ᠰᠤᠮᠤ ᠶᠢᠨ ᠬᠠᠷᠢᠶᠡᠳᠦ ᠨ∙ ᠡᠷᠬᠢᠮᠪᠠᠶᠠᠷ ᠲᠦᠷᠦᠭᠦᠯᠡᠯ᠎ᠡ᠃ 15-16 ᠨᠠᠰᠤᠨ ᠳᠤ 144 ᠬᠡᠦᠬᠡᠳ ᠪᠠᠷᠢᠯᠳᠤᠭᠰᠠᠨ ᠠᠴᠠ ᠳᠠᠷᠬᠠᠨ ᠠᠭᠤᠯᠠ ᠠᠢᠮᠠᠭ ᠤᠨ ᠬᠠᠷᠢᠶᠡᠳᠦ ᠷ∙ ᠤᠮᠠᠷ ᠲᠡᠷᠢᠭᠦᠯᠡᠵᠡᠢ᠃