ᠪᠡᠭ᠎ᠠ ᠨᠠᠰᠤᠨ ᠤ ᠬᠡᠦᠬᠡᠳ ᠤᠨ ᠦᠨᠳᠦᠰᠦᠨ ᠤ ᠪᠥᠬᠡ ᠶᠢᠨ ᠶᠢᠰᠦᠳᠦᠭᠡᠷ ᠨᠠᠭᠠᠳᠤᠮ ᠢ ᠳᠤᠮᠳᠠᠭᠤᠪᠢ ᠠᠢᠮᠠᠭ ᠤᠨ ᠰᠠᠢᠨᠴᠠᠭᠠᠨ ᠰᠤᠮᠤᠨ ᠳᠤ ᠵᠣᠬᠢᠶᠠᠨ ᠪᠠᠢᠭᠤᠯᠵᠤ᠂ 4-5 ᠨᠠᠰᠤᠨ ᠤ 64 ᠪᠠᠷᠢᠯᠳᠤᠭᠠᠨᠴᠢ ᠬᠡᠦᠬᠡᠳ ᠵᠣᠳᠣᠭᠯᠠᠪᠠ᠃ ᠲᠤᠰ ᠨᠠᠭᠠᠳᠤᠮ ᠢ ᠰᠠᠢᠨᠴᠠᠭᠠᠨ ᠰᠤᠮᠤ ᠶᠢᠨ ᠤᠯᠤᠰ ᠤᠨ ᠲᠡᠷᠢᠭᠦᠨ ᠤ ᠭᠤᠷᠪᠠᠳᠤᠭᠠᠷ ᠴᠡᠴᠡᠷᠯᠢᠭ 2010 ᠣᠨ ᠠᠴᠠ ᠠᠩᠬ᠎ᠠ ᠵᠣᠬᠢᠶᠠᠨ ᠪᠠᠢᠭᠤᠯᠵᠤ ᠡᠬᠢᠯᠡᠭ᠍ᠰᠡᠨ ᠢᠶᠡᠷ ᠤᠯᠠᠮᠵᠢᠯᠠᠯ ᠲᠣᠭᠲᠠᠵᠠᠢ᠃
ᠨᠠᠭᠠᠳᠤᠮ ᠳᠤ ᠭᠤᠷᠪᠠᠳᠤᠭᠠᠷ ᠴᠡᠴᠡᠷᠯᠢᠭ ᠡᠴᠡ ᠣᠷᠣᠯᠴᠠᠭᠰᠠᠨ ᠪᠥᠬᠡ ᠥ· ᠠᠮᠤᠷᠲᠦ᠋ᠪᠰᠢᠨ ᠲᠦᠷᠦᠭᠦᠯᠡᠵᠡᠢ᠃ ᠡᠨᠡ ᠵᠢᠯ ᠦᠨ ᠪᠠᠷᠢᠯᠳᠤᠭᠠᠨ ᠢ ᠬᠣᠶᠠᠷ ᠦᠶ᠎ᠡ ᠱᠠᠲᠤ ᠲᠠᠢ ᠵᠣᠬᠢᠶᠠᠨ ᠪᠠᠢᠭᠤᠯᠵᠤ᠂ ᠦᠨᠳᠦᠰᠦᠨ ᠤ ᠪᠥᠬᠡ ᠶᠢᠨ ᠠᠢᠮᠠᠭ ᠤᠨ ᠠᠬᠠᠯᠠᠬᠤ ᠲᠠᠢᠯᠪᠤᠷᠢᠯᠠᠭ᠌ᠴᠢ ᠴ· ᠢᠳᠡᠷᠮᠦ᠋ᠩᠬᠡ᠂ ᠭᠠᠷ ᠤᠨ ᠳ᠋ᠠ᠂ ᠬᠥᠯ ᠦᠨ ᠴᠡᠴᠡ ᠪᠡᠷ ᠠᠬᠠᠯᠠᠬᠤ ᠳᠠᠰᠬᠠᠯᠵᠢᠭᠤᠯᠤᠭ᠌ᠴᠢ ᠵ· ᠪᠠᠲᠤᠰᠠᠢᠬᠠᠨ ᠨᠠᠷ ᠠᠵᠢᠯᠯᠠᠵᠠᠢ᠃