ᠪᠣᠢᠵᠢᠭᠤᠯᠤᠭᠰᠠᠨ ᠪᠣᠲᠣᠭᠣ ᠶᠢᠨ  ᠢᠶᠡᠨ ᠲᠣᠭ᠎ᠠ ᠪᠡᠷ ᠠᠢᠮᠠᠭ ᠲᠠᠭᠠᠨ ᠲᠡᠷᠢᠭᠦᠯᠡᠵᠡᠢ | News.MN

ᠪᠣᠢᠵᠢᠭᠤᠯᠤᠭᠰᠠᠨ ᠪᠣᠲᠣᠭᠣ ᠶᠢᠨ  ᠢᠶᠡᠨ ᠲᠣᠭ᠎ᠠ ᠪᠡᠷ ᠠᠢᠮᠠᠭ ᠲᠠᠭᠠᠨ ᠲᠡᠷᠢᠭᠦᠯᠡᠵᠡᠢ

ᠳᠣᠷᠤᠨᠠᠭᠣᠪᠢ ᠠᠢᠮᠠᠭ ᠤᠨ ᠮᠠᠨᠳᠤᠬᠤ ᠰᠤᠮᠤ ᠶᠢᠨ ᠲᠡᠮᠡᠭᠡᠴᠢᠳ 2024 ᠣᠨ ᠳᠤ ᠨᠡᠢᠲᠡ 2006 ᠪᠣᠲᠣᠭᠣ ᠪᠣᠢᠵᠢᠭᠤᠯᠵᠤ ᠂ ᠪᠣᠢᠵᠢᠭᠤᠯᠤᠭᠰᠠᠨ ᠪᠣᠲᠣᠭᠣ ᠶᠢᠨ ᠢᠶᠡᠨ ᠲᠣᠭ᠎ᠠ ᠪᠡᠷ ᠠᠢᠮᠠᠭ ᠲᠠᠭᠠᠨ ᠲᠡᠷᠢᠭᠦᠯᠡᠵᠡᠢ᠃ ᠮᠠᠨᠳᠤᠬᠤ ᠰᠤᠮᠤᠨ ᠳᠤ ᠦᠢᠯᠡ ᠠᠵᠢᠯᠯᠠᠭ᠎ᠠ ᠶᠠᠪᠤᠭᠤᠯᠳᠠᠭ《ᠮᠣᠩᠭᠣᠯ ᠤᠨ ᠠᠯᠳᠠ》ᠻᠣᠷᠫᠣᠷᠠᠼ ᠮᠠᠯᠴᠢᠳ ᠤᠨ ᠪᠣᠢᠵᠢᠭᠤᠯᠤᠭᠰᠠᠨ ᠪᠣᠲᠣᠭᠣ ᠪᠦᠷᠢ ᠳᠤ ᠮᠥᠩᠭᠥᠨ ᠤᠷᠮᠠᠰᠢᠭᠤᠯᠤᠯ ᠢ 12 ᠵᠢᠯ ᠦᠨ ᠡᠮᠦᠨ᠎ᠡ ᠠᠴᠠ ᠣᠯᠭᠣᠵᠤ ᠡᠬᠢᠯᠡᠵᠡᠢ᠃ ᠲᠡᠳᠡ 2024 ᠣᠨ ᠳᠤ 2006 ᠪᠣᠲᠣᠭᠣ ᠳᠤ ᠨᠡᠢᠲᠡ 40 ᠭᠠᠷᠦᠢ ᠰᠠᠶ᠎ᠠ ᠲᠥᠭᠥᠷᠢᠭ ᠦᠨ ᠤᠷᠮᠠᠰᠢᠭᠤᠯᠤᠯ ᠣᠯᠭᠣᠵᠠᠢ ᠃

ᠳᠣᠷᠤᠨᠠᠭᠣᠪᠢ ᠠᠢᠮᠠᠭ ᠲᠤ ᠮᠠᠨᠳᠤᠬᠤ 11047 ᠲᠡᠮᠡᠭᠡ ᠪᠡᠷ ᠠᠢᠮᠠᠭ ᠲᠠᠭᠠᠨ ᠲᠡᠷᠢᠭᠦᠯᠡᠵᠦ ᠪᠠᠢᠭ᠎ᠠ ᠪᠣᠯ᠂ ᠤᠳᠠᠭᠠᠬᠢ ᠪᠠᠢᠷᠢ ᠳᠤ ᠬᠠᠲᠠᠨᠪᠤᠯᠠᠭ 11003᠂ ᠬᠥᠪᠰᠥᠬᠥᠯ 7058᠂ ᠰᠠᠢᠬᠠᠨᠳᠤᠯᠠᠭᠠᠨ 6042᠂ ᠤᠯᠠᠭᠠᠨᠪᠠᠳᠠᠷᠠᠬᠤ 6019 ᠲᠡᠮᠡᠭᠡ ᠪᠡᠷ ᠡᠬᠢᠨ ᠤ ᠲᠠᠪᠤ ᠳᠤ ᠪᠢᠴᠢᠭ᠍ᠳᠡᠵᠦ ᠪᠡᠢᠨ᠎ᠡ ᠃

ᠰᠡᠳᠬᠢᠭᠳᠡᠯ ᠦᠯᠡᠳᠡᠭᠡᠬᠦ