ᠠᠵᠤ ᠦᠢᠯᠡᠳᠪᠦᠷᠢ᠂ ᠡᠷᠦᠳᠡᠰᠦ ᠪᠠᠶᠠᠯᠢᠭ ᠤᠨ ᠰᠠᠢᠳ ᠴ∙ ᠲᠤᠸᠠᠨ ᠵᠠᠰᠠᠭ ᠤᠨ ᠭᠠᠵᠠᠷ ᠤᠨ ᠬᠤᠷᠠᠯᠳᠤᠭᠠᠨ ᠠᠴᠠ ᠭᠠᠷᠭᠠᠭᠰᠠᠨ ᠰᠢᠢᠳᠪᠦᠷᠢ ᠶᠢᠨ ᠲᠠᠯ᠎ᠠ ᠪᠠᠷ ᠮᠡᠳᠡᠭᠡᠯᠡᠯ ᠬᠢᠯ᠎ᠡ᠃ ᠲᠡᠷᠡ ᠪᠡᠷ᠄ 2024 ᠣᠨ ᠤ ᠳᠥᠷᠪᠡᠳᠦᠭᠡᠷ ᠰᠠᠷ᠎ᠠ ᠡᠴᠡ ᠬᠤᠢᠰᠢ ᠬᠠᠢᠭᠤᠯ ᠤᠨ ᠲᠤᠰᠬᠠᠶ ᠵᠥᠪᠰᠢᠶᠡᠷᠡᠯ ᠣᠯᠭᠣᠭ᠎ᠠ ᠦᠭᠡᠢ ᠶᠠᠪᠤᠵᠤ ᠢᠷᠡᠭ᠍ᠰᠡᠨ᠃ ᠡᠨᠡ ᠠᠰᠠᠭᠤᠳᠠᠯ ᠢ ᠮᠠᠨ ᠤ ᠬᠤᠪᠢ ᠶᠢᠨ ᠬᠡᠪᠰᠢᠯ ᠦᠨ ᠠᠵᠤ ᠠᠬᠤᠢ ᠶᠢᠨ ᠨᠢᠭᠡᠴᠢ ᠨᠦᠭᠦᠳ᠂ ᠭᠠᠳᠠᠨ᠎ᠠ ᠶᠢᠨ ᠬᠥᠷᠥᠩᠭᠡ ᠣᠷᠣᠭᠤᠯᠤᠭ᠌ᠴᠢ ᠺᠣᠮᠫᠠᠨᠢ ᠨᠤᠭᠤᠳ ᠰᠠᠨᠠᠭᠤᠯᠵᠤ ᠪᠠᠢᠨ᠎ᠠ ᠃
ᠮᠣᠩᠭᠣᠯ ᠤᠯᠤᠰ ᠥᠨᠥᠳᠥᠷ 2700 ᠭᠠᠷᠦᠢ ᠯᠢᠼᠧᠨᠽ ᠲᠠᠢ᠃ ᠡᠭᠦᠨ ᠦ 900 ᠭᠠᠷᠦᠢ ᠨᠢ ᠬᠠᠢᠭᠤᠯ ᠤᠨ ᠯᠢᠼᠸᠨ᠋ᠽ᠃ ᠤᠯᠤᠰ ᠲᠥᠷᠦ ᠶᠢᠨ ᠪᠤᠯᠦᠠ ᠰᠣᠩᠭᠣᠭᠤᠯᠢ ᠶᠢᠨ ᠰᠢᠯᠲᠠᠭᠠᠨ ᠨᠤᠭᠤᠳ ᠲᠠᠢ ᠬᠣᠯᠪᠣᠭ᠎ᠠ ᠲᠠᠢ ᠬᠠᠢᠭᠤᠯ ᠤᠨ ᠲᠤᠰᠬᠠᠶ ᠵᠥᠪᠰᠢᠶᠡᠷᠡᠯ ᠣᠯᠭᠤᠬᠤ ᠠᠰᠠᠭᠤᠳᠠᠯ ᠭᠠᠴᠢᠭ᠌ᠰᠠᠨ᠃ ᠠᠵᠤ ᠦᠢᠯᠡᠳᠪᠦᠷᠢ᠂ ᠡᠷᠦᠳᠡᠰᠦ ᠪᠠᠶᠠᠯᠢᠭ ᠤᠨ ᠰᠠᠢᠳ ᠤᠨ ᠲᠤᠰᠢᠶᠠᠯ ᠢᠶᠠᠷ ᠰᠣᠩᠭᠤᠨ ᠰᠢᠯᠭᠠᠷᠠᠭᠤᠯᠤᠯᠲᠠ ᠶᠢᠨ ᠵᠢᠷᠤᠮ ᠢ ᠪᠠᠲᠤᠯᠠᠵᠤ ᠬᠠᠤᠯᠢ ᠵᠦᠶ᠂ ᠳᠣᠲᠤᠭᠠᠳᠤ ᠬᠡᠷᠡᠭ ᠦᠨ ᠶᠠᠮᠤᠨ ᠳᠤ ᠬᠦᠷᠭᠡᠭᠦᠯᠵᠦ ᠨᠡᠢᠲᠡ ᠪᠠᠷ ᠳᠠᠭᠠᠵᠤ ᠮᠥᠷᠳᠡᠬᠦ ᠵᠢᠷᠤᠮ ᠳᠤ ᠪᠦᠷᠢᠳᠬᠡᠭᠦᠯᠦᠭ᠍ᠰᠡᠨ ᠢᠶᠡᠷ ᠬᠠᠢᠭᠤᠯ ᠤᠨ ᠲᠤᠰᠬᠠᠶ ᠵᠥᠪᠰᠢᠶᠡᠷᠡᠯ ᠣᠯᠭᠤᠬᠤ ᠠᠰᠠᠭᠤᠳᠠᠯ ᠨᠡᠭᠡᠭᠡᠭ᠍ᠳᠡᠵᠦ ᠪᠠᠢᠭ᠎ᠠ ᠭᠡᠯᠡ ᠃